ᠬᠠᠭᠤᠷᠠᠮᠴᠢ ᠡᠳ᠋ᠯᠡᠯ ᠵᠠᠷᠤᠳᠠᠭ ᠬᠢᠲᠠᠳ ᠢᠷᠭᠡᠳ ᠢ ᠢᠯᠡᠷᠡᠭᠦᠯᠵᠡᠢ  | News.MN

 ᠬᠠᠭᠤᠷᠠᠮᠴᠢ ᠡᠳ᠋ᠯᠡᠯ ᠵᠠᠷᠤᠳᠠᠭ ᠬᠢᠲᠠᠳ ᠢᠷᠭᠡᠳ ᠢ ᠢᠯᠡᠷᠡᠭᠦᠯᠵᠡᠢ 

ᠡᠷᠲᠡᠨ ᠦ ᠡᠳ᠋ᠯᠡᠯ ᠡᠴᠡ ᠢᠯᠭᠠᠷᠠᠬᠤ ᠶᠢᠨ ᠠᠷᠭ᠎ᠠ ᠦᠭᠡᠢ ᠠᠳᠠᠯᠢ ᠵᠦᠢᠯᠡᠰ ᠢ ᠵᠠᠷᠤᠵᠤ ᠪᠠᠶᠢᠭᠰᠠᠨ ᠰᠦᠯᠵᠢᠶ᠎ᠡ ᠶᠢ ᠴᠠᠭᠳᠠᠭ᠎ᠠ ᠶᠢᠨ ᠪᠠᠶᠢᠭᠤᠯᠤᠯᠭ᠎ᠠ ᠠᠴᠠ ᠢᠯᠡᠷᠡᠭᠦᠯᠵᠡᠢ᠃ ︽ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠢᠷᠭᠡᠳ ᠡᠷᠲᠡᠨ ᠦ ᠡᠳ᠋ᠯᠡᠯ ᠵᠠᠷᠤᠵᠤ ᠪᠠᠶᠢᠨ᠎ᠠ︾ ᠭᠡᠬᠦ ᠮᠡᠳᠡᠭᠡᠯᠡᠯ ᠦᠨ ᠳᠠᠭᠠᠤ ᠰᠢᠯᠭᠠᠯᠲᠠ ᠶᠢᠨ ᠠᠵᠢᠯᠯᠠᠭ᠎ᠠ ᠶᠠᠪᠤᠭᠤᠯᠬᠤ ᠳᠤ᠂ ᠬᠢᠲᠠᠳ ᠢᠷᠭᠡᠳ ᠪᠠᠶᠢᠷᠢᠨ ᠳᠤ ᠪᠠᠨ ᠠᠯᠲᠠᠨ ᠰᠢᠷᠭᠠᠯ ᠥᠩᠭᠡ ᠲᠡᠢ 127 ᠰᠢᠷᠬᠡᠭ ᠶᠤᠸᠠᠮᠪᠤᠤ᠂ ᠰᠠᠭᠤᠭ᠎ᠠ ᠬᠦᠮᠦᠨ ᠦ ᠳᠦᠷᠰᠦ ᠲᠡᠢ ᠳᠥᠷᠪᠡᠨ ᠰᠢᠷᠬᠡᠭ ᠮᠧᠲ᠋ᠠᠯ ᠵᠦᠢᠯ ᠪᠣᠯᠤᠨ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠴᠠᠭᠠᠰᠤᠨ ᠪᠣᠯᠤᠨ ᠲᠡᠮᠦᠷ ᠮᠥᠩᠭᠥ ᠬᠠᠳᠠᠭᠠᠯᠠᠵᠤ ᠪᠠᠶᠢᠭᠰᠠᠨ ᠢ ᠢᠯᠡᠷᠡᠭᠦᠯᠦᠨ ᠬᠤᠷᠢᠶᠠᠵᠤ ᠠᠪᠤᠭᠰᠠᠨ ᠪᠠᠶᠢᠨ᠎ᠠ᠃ ᠲᠡᠳᠡ ︽ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠮᠢᠩ ᠭᠦᠷᠦᠨ ᠦ ᠦᠶ᠎ᠡ ᠶᠢᠨ ᠡᠷᠲᠡᠨ ᠦ ᠡᠳ᠋ ᠵᠦᠢᠯᠡᠰ ᠮᠣᠩᠭᠣᠯ ᠤᠨ ᠨᠤᠲᠤᠭ ᠳᠡᠪᠢᠰᠬᠡᠷ ᠡᠴᠡ ᠣᠯᠳᠠᠭᠰᠠᠨ ᠢ ᠵᠠᠷᠤᠨ᠎ᠠ︾ ᠭᠡᠬᠦ ᠵᠠᠷ ᠢ ᠣᠯᠠᠨ ᠨᠡᠶᠢᠲᠡ ᠳᠦ ᠬᠦᠷᠭᠡᠭᠡᠳ ᠰᠣᠨᠢᠷᠬᠠᠭᠰᠠᠨ ᠢᠷᠭᠡᠳ ᠲᠦ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠲᠤ ᠵᠠᠷᠤᠭᠳᠠᠳᠠᠭ ᠪᠡᠯᠡᠭ ᠳᠤᠷᠠᠰᠬᠠᠯ ᠤᠨ ᠵᠦᠢᠯ ᠢ ᠥᠭᠴᠦ ᠵᠠᠯᠢᠯᠠᠬᠤ ᠭᠡᠵᠦ ᠪᠠᠶᠢᠭᠰᠠᠨ ᠢ ᠴᠠᠭᠳᠠᠭ᠎ᠠ ᠶᠢᠨ ᠠᠯᠪᠠ ᠬᠠᠭᠠᠭᠴᠢᠳ ᠢᠯᠡᠷᠡᠭᠦᠯᠦᠭᠰᠡᠨ ᠪᠠᠶᠢᠨ᠎ᠠ᠃
ᠬᠤᠷᠢᠶᠠᠭᠳᠠᠭᠰᠠᠨ ᠶᠤᠸᠠᠮᠪᠤᠤ ᠨᠤᠭᠤᠳ ᠢ 10 ᠣᠷᠴᠢᠮ ᠢ ᠨᠢ ᠭᠣᠣᠯ ᠢᠶᠠᠷ ᠨᠢ ᠬᠢᠷᠦᠭᠡᠳᠡᠵᠦ ᠬᠤᠪᠢᠶᠠᠭᠰᠠᠨ ᠪᠥᠭᠡᠳ ᠬᠢᠷᠦᠭᠡᠳᠡᠭᠰᠡᠨ ᠬᠡᠰᠡᠭ ᠦᠳ ᠦᠨ ᠵᠠᠷᠢᠮ ᠨᠢ 15 ᠭᠷᠡᠮ ᠰᠢᠵᠢᠷ ᠠᠯᠲᠠ ᠲᠠᠢ ᠪᠠᠶᠢᠵᠠᠢ᠃ ᠲᠡᠳᠡ ᠢᠷᠭᠡᠳ ᠲᠦ ᠶᠤᠸᠠᠮᠪᠤᠤ ᠶᠢ ᠭᠣᠣᠯ ᠳᠤ ᠪᠠᠨ ᠠᠯᠲᠠ ᠲᠠᠢ᠂ ᠦᠨ᠎ᠡ ᠴᠡᠨ᠎ᠡ ᠲᠡᠢ ᠭᠡᠵᠦ ᠢᠲᠡᠭᠡᠭᠦᠯᠦᠨ ᠬᠠᠭᠤᠷᠠᠮᠴᠢ ᠡᠳ᠋ ᠵᠦᠢᠯᠡᠰ ᠵᠠᠷᠤᠵᠤ ᠪᠠᠶᠢᠭᠰᠠᠨ ᠨᠢ ᠮᠥᠷᠳᠡᠨ ᠪᠠᠶᠢᠴᠠᠭᠠᠯᠲᠠ ᠶᠢᠨ ᠶᠠᠪᠤᠴᠠ ᠳᠤ ᠲᠣᠭᠲᠠᠭᠠᠭᠳᠠᠭᠰᠠᠨ ᠠᠵᠠᠢ᠃ ᠳᠡᠭᠡᠷᠡᠬᠢ ᠡᠳ᠋ ᠵᠦᠢᠯᠡᠰ ᠢ ᠠᠷᠪᠠᠳᠤᠭᠠᠷ ᠰᠠᠷ᠎ᠠ ᠶᠢᠨ 3 ᠍ ᠤ ᠡᠳᠦᠷ  ᠺᠠᠷᠭᠤ᠋ ᠪᠠᠷ ᠣᠷᠣᠭᠤᠯᠵᠤ ᠢᠷᠡᠬᠦ ᠳᠦ ᠪᠡᠨ ᠴᠠᠭᠠᠨ ᠲᠤᠭᠤᠯᠭ᠎ᠠ᠂ ᠵᠡᠰ᠂ ᠲᠡᠮᠦᠷ᠂ ᠴᠠᠶᠢᠷ ᠤᠨ ᠣᠷᠣᠴᠠ ᠨᠠᠶᠢᠷᠠᠯᠭ᠎ᠠ ᠲᠠᠢ ᠪᠡᠯᠡᠭ ᠳᠤᠷᠠᠰᠬᠠᠯ ᠤᠨ ᠡᠳ᠋ ᠵᠦᠢᠯ ᠬᠡᠮᠡᠨ ᠭᠠᠶᠢᠯᠢ ᠳᠤ ᠮᠡᠳᠡᠭᠦᠯᠦᠭᠰᠡᠨ ᠪᠠᠶᠢᠨ᠎ᠠ᠃ ᠲᠤᠬᠠᠢ ᠶᠢᠨ ᠡᠳ᠋ ᠵᠦᠢᠯᠡᠰ ᠢ ᠭᠧᠣᠯᠣᠭᠢ ᠶᠢᠨ ᠲᠥᠪ ᠯᠠᠪᠤᠷᠠᠲ᠋ᠣᠷᠢ᠂ ᠰᠲ᠋ᠠᠨᠳᠠᠷᠲᠴᠢᠯᠠᠯ ᠬᠡᠮᠵᠢᠯ ᠵᠦᠢ ᠶᠢᠨ ᠭᠠᠵᠠᠷ ᠵᠡᠷᠭᠡ ᠪᠠᠶᠢᠭᠤᠯᠤᠯᠭ᠎ᠠ ᠨᠤᠭᠤᠳ ᠢᠶᠠᠷ ᠰᠢᠨᠵᠢᠯᠡᠭᠡ ᠬᠢᠯᠭᠡᠬᠦ ᠳᠦ ᠭᠠᠶᠢᠯᠢ ᠳᠤ ᠮᠡᠳᠡᠭᠦᠯᠦᠭᠰᠡᠨ ᠲᠡᠢ ᠢᠵᠢᠯ ᠣᠷᠣᠴᠠ ᠨᠠᠶᠢᠷᠠᠯᠭ᠎ᠠ ᠲᠠᠢ ᠡᠳ᠋ ᠵᠦᠢᠯ ᠪᠣᠯᠬᠤ ᠨᠢ ᠲᠣᠭᠲᠠᠭᠠᠭᠳᠠᠵᠠᠢ᠃ ᠳᠡᠭᠡᠷᠡᠬᠢ ᠪᠦᠯᠦᠭᠯᠡᠯ ᠨᠢ ᠺᠠᠮᠪᠤᠵᠠ᠂ ᠹᠷᠠᠨᠼᠢ᠂ ᠣᠷᠣᠰ᠂ ᠲᠠᠶᠢᠯᠠᠨᠳ᠋ ᠵᠡᠷᠭᠡ ᠤᠯᠤᠰ ᠤᠷᠤᠭᠤ ᠤᠳᠠᠭ᠎ᠠ ᠳᠠᠷᠠᠭ᠎ᠠ ᠵᠣᠷᠴᠢᠵᠤ ᠪᠠᠶᠢᠭᠰᠠᠨ ᠨᠢ ᠲᠣᠭᠲᠠᠭᠠᠭᠳᠠᠭᠠᠳ ᠪᠠᠶᠢᠭ᠎ᠠ ᠪᠥᠭᠡᠳ ᠤᠯᠤᠰ ᠳᠠᠮᠨᠠᠵᠤ ᠵᠠᠯᠢᠯᠠᠨ ᠮᠡᠬᠡᠯᠡᠬᠦ ᠭᠡᠮᠲᠦ ᠬᠡᠷᠡᠭ ᠦᠢᠯᠡᠳᠳᠡᠭ ᠪᠠᠶᠢᠵᠤ ᠪᠣᠯᠬᠤ ᠶᠢ ᠠᠯᠪᠠᠨ ᠤ ᠬᠢᠨ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ