ᠵᠠᠭᠦᠨᠶᠠᠨ ᠤ ᠲᠡᠮᠦᠷ ᠵᠠᠮ ᠤᠨ ᠠᠵᠢᠯ ᠡᠷᠴᠢᠮᠵᠢᠵᠤ ᠪᠠᠶᠢᠨ᠎ᠠ | News.MN

ᠵᠠᠭᠦᠨᠶᠠᠨ ᠤ ᠲᠡᠮᠦᠷ ᠵᠠᠮ ᠤᠨ ᠠᠵᠢᠯ ᠡᠷᠴᠢᠮᠵᠢᠵᠤ ᠪᠠᠶᠢᠨ᠎ᠠ

ᠲᠠᠪᠤᠨᠲᠣᠯᠣᠭᠠᠢ- ᠵᠡᠭᠦᠨᠪᠠᠶᠠᠨ ᠴᠢᠭᠯᠡᠯ ᠦᠨ 414 ᠺᠢᠯᠣᠮᠧᠲ᠋ᠷ ᠲᠡᠮᠦᠷ ᠵᠠᠮ ᠢ ᠭᠤᠷᠪᠠᠨ ᠬᠡᠰᠡᠭ ᠲᠦ ᠬᠤᠪᠢᠶᠠᠵᠤ᠂ ᠳᠤᠤᠷᠠᠳᠤ ᠪᠦᠲᠦᠴᠡ ᠪᠣᠯᠤᠨ ᠲᠡᠮᠦᠷ ᠵᠠᠮ ᠤᠨ ᠠᠵᠢᠯ ᠢ ᠵᠡᠷᠭᠡ ᠬᠢᠵᠦ ᠪᠠᠶᠢᠭ᠎ᠠ ᠶᠤᠮ᠃
ᠣᠳᠣ ᠪᠠᠷ 14 ᠺᠢᠯᠣᠮᠧᠲ᠋ᠷ ᠳᠠᠯᠠᠩ ᠪᠠᠷᠢᠵᠤ ᠳᠠᠭᠤᠰᠬᠠᠨ ᠲᠡᠮᠦᠷ ᠵᠠᠮ ᠢᠶᠠᠨ ᠲᠠᠯᠪᠢᠬᠤ ᠳᠤ ᠪᠡᠯᠡᠨ ᠪᠣᠯᠭᠠᠭᠠᠳ ᠪᠠᠶᠢᠭ᠎ᠠ ᠶᠤᠮ ᠃ ᠡᠨᠡ ᠴᠢᠭᠯᠡᠯ ᠦᠨ ᠲᠡᠮᠦᠷ ᠵᠠᠮ ᠨᠢ ᠵᠢᠷᠭᠤᠭᠠᠨ ᠵᠥᠷᠢᠯᠭᠡ᠂ ᠬᠣᠶᠠᠷ ᠲᠣᠮᠣ ᠥᠷᠲᠡᠭᠡ ᠲᠡᠢ ᠪᠠᠶᠢᠬᠤ ᠪᠥᠭᠡᠳ ᠢᠷᠡᠬᠦ ᠰᠠᠷ᠎ᠠ ᠶᠢᠨ 1 ᠭᠡᠬᠦ ᠳᠦ ᠵᠥᠷᠢᠯᠭᠡ ᠶᠢᠨ ᠪᠠᠷᠢᠯᠭ᠎ᠠ ᠶᠢᠨ ᠠᠵᠢᠯ ᠢ ᠳᠠᠭᠤᠰᠬᠠᠬᠤ ᠪᠠᠷ ᠲᠥᠯᠥᠪᠯᠡᠵᠡᠢ᠃
ᠲᠡᠮᠦᠷ ᠵᠠᠮ ᠤᠨ ᠵᠢᠷᠤᠭ ᠲᠥᠰᠥᠯ ᠢ ᠲᠥᠷᠥ ᠶᠢᠨ ᠥᠮᠴᠢᠲᠤ ᠺᠣᠮᠫᠠᠨᠢ ᠬᠢᠭᠰᠡᠨ ᠪᠥᠭᠡᠳ ᠴᠡᠷᠢᠭ ᠦᠨ ᠨᠠᠢᠮᠠᠨ ᠠᠩᠬᠢ ᠶᠢᠨ ᠠᠯᠪᠠ ᠬᠠᠭᠠᠭᠴᠢ᠂ 64 ᠠᠵᠤ ᠠᠬᠤᠢ ᠶᠢᠨ ᠨᠢᠭᠡᠴᠡ ᠶᠢᠨ ᠨᠡᠶᠢᠲᠡ 2300 ᠬᠦᠮᠦᠨ᠂ 1300 ᠲᠧᠭᠨᠢᠭ ᠬᠡᠷᠡᠭᠰᠡᠯ ᠲᠡᠢ ᠠᠵᠢᠯᠯᠠᠵᠤ ᠪᠠᠶᠢᠨ᠎ᠠ᠃ ᠭᠣᠪᠢ ᠶᠢᠨ ᠪᠥᠰᠡ ᠨᠤᠲᠤᠭ ᠲᠤ ᠲᠦᠭᠡᠮᠡᠯ ᠲᠠᠷᠬᠠᠴᠠ ᠲᠠᠢ ᠳᠦᠭᠦᠷᠭᠡᠯᠲᠡ ᠶᠢᠨ ᠮᠠᠲ᠋ᠧᠷᠢᠶᠠᠯ ᠬᠣᠪᠣᠷ ᠪᠠᠶᠢᠳᠠᠭ ᠨᠢ ᠲᠡᠮᠦᠷ ᠵᠠᠮ ᠤᠨ ᠳᠠᠯᠠᠩ ᠤᠨ ᠠᠵᠢᠯ ᠬᠢᠬᠦ ᠳᠦ ᠬᠦᠨᠳᠦᠷᠡᠯ ᠤᠴᠠᠷᠠᠭᠤᠯᠵᠤ ᠪᠠᠶᠢᠭ᠎ᠠ ᠶᠤᠮ ᠃ ᠭᠦᠢᠴᠡᠳᠬᠡᠭᠴᠢ ᠪᠠᠶᠢᠭᠤᠯᠤᠯᠭ᠎ᠠ ᠬᠡᠷᠡᠭᠴᠡᠭᠡᠲᠦ ᠴᠢᠯᠠᠭᠤ ᠪᠠᠨ ᠡᠨᠡ ᠡᠪᠦᠯ ᠪᠡᠯᠡᠳᠬᠦ ᠶᠤᠮ᠃ ᠮᠥᠨ 36 ᠬᠤᠳᠳᠤᠭ ᠭᠠᠷᠭᠠᠬᠤ ᠠᠴᠠ ᠳᠥᠷᠪᠡᠨ ᠬᠤᠳᠳᠤᠭ ᠭᠠᠷᠭᠠᠭᠠᠳ ᠪᠠᠶᠢᠨ᠎ᠠ᠃ ᠡᠨᠡ ᠲᠥᠰᠥᠯ ᠳᠦ 1.5 ᠶᠡᠬᠡ ᠨᠠᠶᠤᠳ ᠲᠥᠭᠥᠷᠢᠭ ᠦᠨ ᠬᠥᠷᠥᠩᠭᠡ ᠣᠷᠣᠭᠤᠯᠤᠯᠲᠠ ᠱᠠᠭᠠᠷᠳᠠᠯᠭ᠎ᠠ ᠲᠠᠢ᠃ ᠲᠠᠪᠤᠨᠲᠣᠯᠣᠭᠠᠢ ᠵᠡᠭᠦᠨᠪᠠᠶᠠᠨ ᠴᠢᠭᠯᠡᠯ ᠦᠨ ᠲᠡᠮᠦᠷ ᠵᠠᠮ ᠳᠠᠭᠠᠤ ᠠᠰᠢᠭᠲᠤ ᠮᠠᠯᠲᠠᠮᠠᠯ ᠤᠨ 37 ᠣᠷᠳᠣ ᠪᠠᠶᠢᠷᠢᠯᠠᠳᠠᠭ ᠪᠥᠭᠡᠳ ᠭᠠᠵᠠᠷ ᠤᠨ ᠲᠣᠰᠣ ᠪᠣᠯᠪᠠᠰᠤᠷᠠᠭᠤᠯᠬᠤ ᠦᠢᠯᠡᠳᠪᠦᠷᠢ ᠡᠴᠡ ᠭᠠᠳᠠᠨ᠎ᠠ ᠣᠷᠣᠰ᠂ ᠬᠢᠲᠠᠳ ᠢ ᠬᠣᠯᠪᠣᠭᠰᠠᠨ ᠬᠤᠶᠠᠳᠠᠬᠢ ᠲᠷᠠᠨᠽᠢᠲ ᠲᠡᠮᠦᠷ ᠵᠠᠮ ᠲᠠᠢ ᠬᠣᠯᠪᠣᠭᠳᠠᠬᠤ ᠵᠡᠷᠭᠡ ᠰᠲᠷᠠᠲ᠋ᠧᠭᠢ ᠶᠢᠨ ᠴᠢᠬᠤᠯᠠ ᠠᠴᠢ ᠬᠣᠯᠪᠣᠭᠳᠠᠯ ᠲᠠᠢ ᠲᠥᠰᠥᠯ ᠶᠤᠮ ᠭᠡᠵᠦ ᠵᠠᠰᠠᠭ ᠤᠨ ᠭᠠᠵᠠᠷ ᠤᠨ ᠬᠡᠪᠯᠡᠯ ᠮᠡᠳᠡᠭᠡᠯᠡᠯ᠂ ᠣᠯᠠᠨ ᠨᠡᠶᠢᠲᠡ ᠲᠡᠢ ᠬᠠᠷᠢᠯᠴᠠᠬᠤ ᠬᠡᠯᠲᠡᠰ ᠡᠴᠡ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ