︽ᠵᠠᠯᠠᠭᠤᠴᠤᠳ ᠤᠨ TV karaoke︾ ᠲᠡᠮᠡᠴᠡᠭᠡᠨ ᠪᠤᠯᠪᠠ  | News.MN

 ︽ᠵᠠᠯᠠᠭᠤᠴᠤᠳ ᠤᠨ TV karaoke︾ ᠲᠡᠮᠡᠴᠡᠭᠡᠨ ᠪᠤᠯᠪᠠ 

ᠬᠣᠪᠳᠣ ᠠᠶᠢᠮᠠᠭ ᠤᠨ ᠨᠡᠶᠢᠭᠡᠮ ᠤᠨ ᠠᠷᠠᠳᠴᠢᠯᠠᠯ ᠮᠣᠩᠭᠣᠯ ᠤᠨ ᠣᠶᠤᠲᠠᠨ ᠤ ᠬᠣᠯᠪᠣᠭ᠎ᠠ ᠰᠠᠨᠠᠭᠠᠴᠢᠯᠠᠨ ᠬᠥᠳᠡᠭᠡ ᠶᠢᠨ ᠰᠤᠮᠤᠳ ᠤᠨ 18-35 ᠨᠠᠰᠤᠨ ᠤ ᠵᠠᠯᠠᠭᠤᠴᠤᠳ ᠤᠨ ᠳᠤᠮᠳᠠ ︽ᠵᠠᠯᠠᠭᠤᠴᠤᠳ ᠤᠨ TV karaoke︾ ᠲᠡᠮᠡᠴᠡᠭᠡᠨ ᠢ ᠦᠶ᠎ᠡ ᠱᠠᠲᠤ ᠲᠠᠢ ᠵᠣᠬᠢᠶᠠᠨ ᠪᠠᠶᠢᠭᠤᠯᠵᠤ ᠡᠬᠢᠯᠡᠯ᠎ᠡ᠃ ᠡᠨᠡᠬᠦ ᠲᠡᠮᠡᠴᠡᠭᠡᠨ ᠦ ᠦᠢᠯᠡ ᠠᠵᠢᠯᠯᠠᠭ᠎ᠠ ᠨᠢ ᠬᠥᠳᠡᠭᠡ ᠶᠢᠨ ᠰᠤᠮᠤ ᠶᠢᠨ ᠵᠠᠯᠠᠭᠤᠴᠤᠳ ᠤᠨ ᠴᠢᠯᠦᠭᠡᠲᠦ ᠴᠠᠭ ᠢ ᠵᠥᠪ ᠪᠣᠯᠪᠠᠰᠤᠨ ᠥᠩᠭᠡᠷᠡᠭᠦᠯᠬᠦ᠂ ᠳᠠᠭᠤᠯᠠᠬᠤ ᠤᠷ᠎ᠠ ᠴᠢᠳᠠᠪᠤᠷᠢ ᠶᠢ ᠬᠥᠭᠵᠢᠭᠦᠯᠬᠦ ᠵᠠᠮ ᠢᠶᠠᠷ ᠬᠠᠮᠲᠤ ᠶᠢᠨ ᠠᠵᠢᠯᠯᠠᠭ᠎ᠠ ᠶᠢ ᠪᠡᠬᠢᠵᠢᠭᠦᠯᠬᠦ ᠳᠦ ᠴᠢᠭᠯᠡᠵᠦ ᠪᠠᠶᠢᠭ᠎ᠠ ᠪᠠᠷ ᠢᠶᠠᠨ ᠣᠨᠴᠠᠯᠢᠭ ᠲᠠᠢ᠃
︽ᠵᠠᠯᠠᠭᠤᠴᠤᠳ ᠤᠨ TV karaoke︾ ᠲᠡᠮᠡᠴᠡᠭᠡᠨ ᠦ ᠠᠩᠬᠠᠨ ᠤ ᠦᠢᠯᠡ ᠠᠵᠢᠯᠯᠠᠭ᠎ᠠ ᠨᠢ ᠪᠤᠯᠠᠭᠠᠨ᠂ ᠠᠯᠲᠠᠢ ᠰᠤᠮᠤᠨ ᠳᠤ ᠲᠤᠰ ᠲᠤᠰ ᠥᠷᠨᠢᠪᠡ᠃ ᠲᠡᠮᠡᠴᠡᠭᠡᠨ ᠳᠦ ᠪᠤᠯᠠᠭᠠᠨ᠂ ᠠᠯᠲᠠᠢ᠂ ᠦᠶᠡᠩᠴᠢ ᠰᠤᠮᠤ ᠠᠴᠠ ᠨᠡᠶᠢᠲᠡ 10 ᠭᠠᠷᠤᠢ ᠪᠠᠭ ᠤᠨ 60 ᠣᠷᠴᠢᠮ ᠵᠠᠯᠠᠭᠤᠰ ᠣᠷᠣᠯᠴᠠᠭᠰᠠᠨ ᠪᠥᠭᠡᠳ ᠮᠡᠨᠳᠦᠴᠢᠯᠡᠭᠡ᠂ ᠭᠣᠴᠣᠯᠠᠯ ᠳᠠᠭᠤᠤ᠂ ᠰᠤᠭᠤᠯᠠᠭᠠᠲᠤ ᠳᠠᠭᠤᠤ ᠭᠡᠰᠡᠨ ᠳᠥᠷᠪᠡᠨ ᠲᠥᠷᠥᠯ ᠢᠶᠡᠷ ᠠᠪᠢᠶᠠᠰ᠂ ᠤᠷ᠎ᠠ ᠴᠢᠳᠠᠪᠤᠷᠢ ᠪᠠᠨ ᠰᠣᠷᠢᠨ ᠥᠷᠢᠰᠦᠯᠳᠦᠵᠦ ᠰᠢᠯᠢᠳᠡᠭ ᠦᠳ ᠢᠶᠡᠨ ᠲᠣᠳᠣᠷᠠᠭᠤᠯᠤᠯ᠎ᠠ᠃ ᠪᠤᠯᠠᠭᠠᠨ ᠰᠤᠮᠤᠨ ᠳᠤ ᠪᠣᠯᠤᠭᠰᠠᠨ ︽ᠵᠠᠯᠠᠭᠤᠴᠤᠳ ᠤᠨ TV karaoke ᠲᠡᠮᠡᠴᠡᠭᠡᠨ︾ ᠍ ᠦ ᠲᠡᠷᠢᠭᠦᠨ ᠪᠠᠶᠢᠷᠢ ᠳᠤ ᠣᠨᠴᠠᠭᠠᠢ ᠪᠠᠶᠢᠳᠠᠯ᠂ ᠳᠡᠳ᠋ ᠪᠠᠶᠢᠷᠢ ᠳᠤ ᠠᠶᠠᠯᠭᠤ᠂ ᠭᠤᠷᠪᠠᠳᠤᠭᠠᠷ ᠪᠠᠶᠢᠷᠢ ᠳᠤ ᠦᠶᠡᠩᠴᠢ ᠶᠢᠨ ᠪᠠᠭ ᠲᠤᠰ ᠲᠤᠰ ᠰᠢᠯᠭᠠᠷᠠᠯ᠎ᠠ᠃ ᠬᠠᠷᠢᠨ ᠠᠯᠲᠠᠢ ᠰᠤᠮᠤᠨ ᠳᠤ ᠵᠣᠬᠢᠶᠠᠨ ᠪᠠᠶᠢᠭᠤᠯᠤᠭᠰᠠᠨ ᠲᠡᠮᠡᠴᠡᠭᠡᠨ ᠳᠦ ᠲᠤᠰ ᠰᠤᠮᠤ ᠶᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠠᠶᠠᠯᠭᠤ᠂ ᠵᠤᠯᠠᠢ ᠴᠠᠭᠠᠨ ᠠᠯᠲᠠᠢ᠂ ᠠᠯᠲᠠᠢ ᠶᠢᠨ ᠰᠦᠷᠯᠢᠭ ᠪᠠᠭ ᠲᠤᠰ ᠲᠤᠰ ᠮᠠᠩᠯᠠᠶᠢᠯᠠᠵᠤ ᠱᠠᠩᠨᠠᠯ ᠢᠶᠠᠨ ᠭᠠᠷᠳᠠᠨ ᠠᠪᠤᠭᠰᠠᠨ ᠶᠤᠮ᠃

ᠰᠡᠳᠬᠢᠭᠳᠡᠯ ᠦᠯᠡᠳᠡᠭᠡᠬᠦ