︽ᠳᠡᠯᠡᠬᠡᠢ ᠶᠢᠨ ᠬᠡᠦᠬᠡᠳ ᠦᠨ ᠡᠳᠦᠷ︾ ᠲᠣᠬᠢᠶᠠᠵᠤ ᠪᠠᠶᠢᠨ᠎ᠠ  | News.MN

 ︽ᠳᠡᠯᠡᠬᠡᠢ ᠶᠢᠨ ᠬᠡᠦᠬᠡᠳ ᠦᠨ ᠡᠳᠦᠷ︾ ᠲᠣᠬᠢᠶᠠᠵᠤ ᠪᠠᠶᠢᠨ᠎ᠠ 

ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠬᠡᠦᠬᠡᠳ ᠦᠨ ᠡᠷᠬᠡ ᠶᠢᠨ ᠺᠣᠨᠸᠧᠨᠼ ᠪᠠᠲᠤᠯᠠᠭᠰᠠᠨ 11  ᠳ᠋ᠤᠭᠡᠷ ᠰᠠᠷ᠎ᠠ ᠶᠢᠨ 20 ᠍ ᠤ ᠡᠳᠦᠷ ᠢ 2017 ᠣᠨ ᠠᠴᠠ ᠡᠬᠢᠯᠡᠨ ︽ᠳᠡᠯᠡᠬᠡᠢ ᠶᠢᠨ ᠬᠡᠦᠬᠡᠳ ᠦᠨ ᠡᠳᠦᠷ》 ᠪᠣᠯᠭᠠᠨ ᠲᠡᠮᠳᠡᠭᠯᠡᠵᠦ ᠪᠠᠶᠢᠬᠤ ᠪᠠᠷ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ ᠬᠡᠦᠬᠡᠳ ᠦᠨ ᠰᠠᠩ ᠠᠴᠠ ᠤᠷᠢᠶᠠᠯᠠᠭᠰᠠᠨ ᠤ ᠳᠠᠭᠠᠤ ᠳᠡᠯᠡᠬᠡᠢ ᠶᠢᠨ 130 ᠭᠠᠷᠤᠢ ᠣᠷᠣᠨ ᠨᠢᠭᠡᠳᠴᠡᠢ᠃
ᠡᠨᠡ ᠡᠳᠦᠷ ᠬᠡᠦᠬᠡᠳ ᠦᠳ ᠥᠪᠡᠷᠰᠡᠳ ᠲᠦ ᠨᠢ ᠲᠤᠯᠭᠠᠮᠳᠠᠭᠰᠠᠨ ᠠᠰᠠᠭᠤᠳᠠᠯ ᠢᠶᠠᠷ ᠲᠣᠮᠣᠴᠤᠳ ᠲᠤ ᠳᠠᠭᠤᠤ ᠬᠣᠭᠣᠯᠠᠢ ᠪᠠᠨ ᠡᠷᠭᠦᠵᠦ᠂ ᠲᠣᠮᠣᠴᠤᠳ ᠬᠡᠦᠬᠡᠳ ᠤᠨ ᠢᠶᠡᠨ ᠦᠭᠡ ᠶᠢ ᠰᠣᠨᠣᠰᠴᠤ᠂ ᠲᠡᠳᠡᠨ ᠦ ᠲᠥᠯᠥᠭᠡ  ︽ᠵᠠ︾ ᠭᠡᠵᠦ ᠬᠡᠯᠡᠬᠦ ᠡᠳᠦᠷ ᠶᠤᠮ᠃ ᠡᠯ᠎ᠡ ᠡᠳᠦᠷ ᠳᠡᠯᠡᠬᠡᠢ ᠶᠢᠨ ᠤᠯᠤᠰ ᠣᠷᠣᠨ ᠨᠤᠭᠤᠳ ᠬᠡᠦᠬᠡᠳ ᠦᠨ ᠳᠠᠭᠤ ᠬᠣᠭᠣᠯᠠᠢ ᠶᠢ ᠰᠤᠨᠤᠰᠬᠤ ᠦᠢᠯᠡ ᠠᠵᠢᠯᠯᠠᠭ᠎ᠠ᠂ ᠰᠠᠨᠠᠯ ᠰᠠᠨᠠᠭᠠᠴᠢᠯᠠᠭ᠎ᠠ ᠥᠷᠨᠢᠭᠦᠯᠳᠡᠭ᠃ ᠮᠣᠩᠭᠣᠯ ᠤᠯᠤᠰ ᠲᠤ ᠡᠨᠡ ᠡᠳᠦᠷ ᠵᠠᠮ ᠤᠨ ᠬᠥᠳᠡᠯᠭᠡᠭᠡᠨ ᠳᠦ ᠣᠷᠣᠯᠴᠠᠭᠴᠢ ᠵᠢᠯᠣᠭᠣᠴᠢ ᠪᠦᠷ ᠮᠠᠰᠢᠨ ᠤ ᠭᠡᠷᠡᠯ ᠢᠶᠡᠨ ᠠᠰᠠᠭᠠᠵᠤ᠂ ᠬᠡᠦᠬᠡᠳ ᠦᠨ ᠡᠷᠬᠡ ᠶᠢᠨ ᠳᠠᠭᠤ ᠬᠣᠭᠣᠯᠠᠢ ᠪᠠᠨ ᠨᠢᠭᠡᠳᠬᠡᠬᠦ ᠪᠡᠷ ᠪᠣᠯᠵᠠᠢ᠃ ᠲᠡᠶᠢᠮᠦ ᠡᠴᠡ ᠬᠡᠦᠬᠡᠳ ᠪᠠᠭᠠᠴᠤᠤᠯ ᠢᠶᠠᠨ ᠬᠦᠨᠳᠦᠳᠬᠡᠨ ᠭᠡᠷᠡᠯ ᠢᠶᠡᠨ ᠠᠰᠠᠭᠠᠵᠤ ᠵᠠᠮ ᠤᠨ ᠬᠥᠳᠡᠯᠭᠡᠭᠡᠨ ᠳᠦ ᠣᠷᠣᠯᠴᠠᠬᠤ ᠶᠢ ᠲᠡᠭᠡᠭᠡᠪᠦᠷᠢ ᠶᠢᠨ ᠴᠠᠭᠳᠠᠭ᠎ᠠ ᠶᠢᠨ ᠠᠯᠪᠠᠨ ᠠᠴᠠ ᠤᠷᠢᠶᠠᠯᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ