︽ᠬᠥᠬᠡ ᠲᠩᠷᠢ ᠶᠢᠨ ᠬᠢᠵᠠᠭᠠᠷ ᠲᠤ︾ ᠺᠢᠨᠣ᠋ ᠭᠧᠷᠮᠠᠨ ᠳᠤ ᠨᠡᠭᠡᠭᠡᠯᠲᠡ ᠪᠡᠨ ᠬᠢᠯ᠎ᠡ  | News.MN

 ︽ᠬᠥᠬᠡ ᠲᠩᠷᠢ ᠶᠢᠨ ᠬᠢᠵᠠᠭᠠᠷ ᠲᠤ︾ ᠺᠢᠨᠣ᠋ ᠭᠧᠷᠮᠠᠨ ᠳᠤ ᠨᠡᠭᠡᠭᠡᠯᠲᠡ ᠪᠡᠨ ᠬᠢᠯ᠎ᠡ 

︽ᠬᠥᠬᠡ ᠲᠩᠷᠢ ᠶᠢᠨ ᠬᠢᠵᠠᠭᠠᠷ ᠲᠤ︾ ᠤᠷᠠᠨ ᠰᠠᠶᠢᠬᠠᠨ ᠤ ᠺᠢᠨᠣ᠋ ᠳᠡᠯᠡᠬᠡᠢ ᠳᠦ ᠡᠷᠲᠡᠨ ᠦ ᠬᠢ ᠪᠡᠷ ᠢᠶᠡᠨ 7 ᠍ ᠳᠦ ᠵᠢᠭᠰᠠᠳᠠᠭ᠂ 68  ᠳ᠋ᠡᠬᠢ ᠵᠢᠯ ᠳᠦ ᠪᠡᠨ ᠵᠣᠬᠢᠶᠠᠨ ᠪᠠᠶᠢᠭᠤᠯᠤᠭᠳᠠᠵᠤ ᠪᠤᠢ International Film Festival Mannheim-Heidelberg ᠨᠡᠷ᠎ᠡ ᠬᠦᠨᠳᠦᠲᠡᠢ ᠦᠵᠡᠭᠦᠯᠦᠯᠭᠡ ᠶᠢᠨ ᠨᠡᠭᠡᠭᠡᠯᠲᠡ ᠶᠢᠨ ᠺᠢᠨᠣ᠋ ᠍ ᠪᠠᠷ ᠰᠢᠯᠭᠠᠷᠠᠵᠤ᠂ ᠣᠯᠠᠨ ᠤᠯᠤᠰ ᠲᠤ ᠨᠡᠭᠡᠭᠡᠯᠲᠡ ᠪᠡᠨ ᠬᠢᠯ᠎ᠡ᠃
︽ᠬᠥᠬᠡ ᠲᠩᠷᠢ ᠶᠢᠨ ᠬᠢᠵᠠᠭᠠᠷ ᠲᠤ︾ ᠺᠢᠨᠣᠨ ᠤ ᠵᠣᠬᠢᠶᠠᠯ ᠢ ᠪ∙ᠠᠮᠤᠷᠰᠠᠶᠢᠬᠠᠨ ᠪᠢᠴᠢᠵᠦ ᠂ ᠮᠥᠨ ᠭᠣᠣᠯ ᠳᠦᠷᠢ ᠳᠦ ᠨᠢ ᠺᠠᠨᠨᠠ ᠺᠢᠨᠤ᠋ ᠦᠵᠡᠭᠦᠯᠦᠯᠭᠡ ᠠᠴᠠ ︽ᠰᠢᠯᠢᠳᠡᠭ ᠡᠷᠡᠭᠲᠡᠢ ᠳᠦᠷᠢ︾ ᠶᠢᠨ ᠍ ᠱᠠᠩᠨᠠᠯ ᠢ ᠬᠠᠮᠤᠭ ᠤᠨ ᠠᠩᠬ᠎ᠠ ᠠᠽᠢᠶ᠎ᠠ ᠲᠢᠪ ᠡᠴᠡ ᠬᠦᠷᠲᠡᠭᠰᠡᠨ ᠶᠠᠫᠣᠨ ᠤ ᠠᠯᠳᠠᠷᠲᠤ ᠵᠦᠴᠦᠭᠡᠴᠢᠨ ᠶᠠᠭᠢᠷᠠ ᠶᠤᠶᠠ ᠶᠢᠨ ᠬᠠᠮᠲᠤ ᠲᠣᠭᠯᠠᠭᠰᠠᠨ ᠪᠠᠶᠢᠨ᠎ᠠ ᠃ ᠺᠢᠨᠣᠨ ᠤ ᠵᠢᠷᠤᠭ ᠠᠪᠤᠯᠲᠠ ᠶᠢᠨ 80% ᠨᠢ ᠮᠣᠩᠭᠣᠯ ᠳᠤ᠂ 20% ᠨᠢ ᠶᠠᠫᠣᠨ ᠳᠤ  ᠬᠢᠭᠳᠡᠵᠡᠢ᠃ ᠺᠢᠨᠤ᠋ ᠨᠢ 2020 ᠣᠨ ᠳᠤ ᠶᠠᠫᠣᠨ ᠪᠣᠯᠤᠨ ᠮᠣᠩᠭᠣᠯ ᠳᠤ ᠨᠡᠭᠡᠭᠡᠯᠲᠡ ᠪᠡᠨ ᠬᠢᠵᠤ ᠂ ᠦᠵᠡᠭᠴᠢᠳ ᠦᠨ ᠬᠦᠷᠲᠡᠭᠡᠯ ᠪᠣᠯᠬᠤ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ