ᠳᠠᠭᠤᠷᠢ ᠶᠢᠨ ᠳᠠᠭᠤᠴᠢᠳ ᠢᠨᠳᠤᠨᠢᠰᠢᠶ᠎ᠠ ᠳᠤ ᠲᠣᠭᠯᠠᠪᠠ  | News.MN

ᠳᠠᠭᠤᠷᠢ ᠶᠢᠨ ᠳᠠᠭᠤᠴᠢᠳ ᠢᠨᠳᠤᠨᠢᠰᠢᠶ᠎ᠠ ᠳᠤ ᠲᠣᠭᠯᠠᠪᠠ 

ᠪᠦᠭᠦᠳᠡ ᠨᠠᠶᠢᠷᠠᠮᠳᠠᠬᠤ ᠢᠨᠳᠤᠨᠢᠰᠢᠶ᠎ᠠ ᠤᠯᠤᠰ ᠳᠠᠬᠢ ᠮᠣᠩᠭᠣᠯ ᠤᠯᠤᠰ ᠤᠨ ᠡᠷᠭᠦᠮᠵᠢᠲᠦ ᠺᠣᠨᠰᠤᠶᠢᠯ  ᠴᠠᠨᠳ᠋ᠷᠠ ᠭᠤᠽᠠᠯᠢ᠂ ᠮᠣᠩᠭᠣᠯ ᠤᠯᠤᠰ ᠤᠨ ᠰᠤᠶᠤᠯ ᠤᠨ ᠡᠯᠴᠢ ᠰᠲ᠋ᠢᠤᠨᠤ᠋ ᠵᠤᠸᠠᠨᠳᠢ ᠳ᠋ᠠᠷᠮᠠᠨᠤ᠋ ᠨᠠᠷ ᠤᠨ ᠰᠠᠨᠠᠭᠠᠴᠢᠯᠭ᠎ᠠ ᠪᠠᠷ 2019 ᠣᠨ ᠤ 11  ᠳ᠋ᠤᠭᠡᠷ ᠰᠠᠷ᠎ᠠ ᠶᠢᠨ 16 ᠍ ᠤ ᠡᠳᠦᠷ ᠵᠠᠺᠠᠷᠲ᠋ᠠ  ᠬᠤᠲᠠ ᠳᠤ ︽ᠮᠣᠩᠭᠣᠯ ᠳᠠᠭᠤᠷᠢ ᠶᠢᠨ ᠦᠳᠡᠰᠢ︾ ᠠᠷᠭ᠎ᠠ ᠬᠡᠮᠵᠢᠶ᠎ᠡ ᠶᠢ ᠠᠮᠵᠢᠯᠲᠠᠲᠠᠢ ᠵᠣᠬᠢᠶᠠᠨ ᠪᠠᠶᠢᠭᠤᠯᠤᠯ᠎ᠠ᠃ ᠳᠠᠭᠤᠷᠢ ᠶᠢᠨ ᠳᠠᠭᠤᠴᠢᠨ ᠡ᠊∙ᠠᠩᠬᠡᠪᠠᠶᠠᠷ᠂ ᠳ∙ᠣᠳᠬᠣᠨᠵᠢᠷᠭᠠᠯ᠂ ᠳ∙ᠳᠤᠶᠢᠩᠬᠣᠷᠵᠠᠪ᠂ ᠳᠠᠭᠤᠴᠢᠨ ᠨ∙ᠨᠠᠷᠠᠨᠪᠠᠭᠠᠲᠤᠷ ᠨᠠᠷ ᠵ∙ᠫᠤᠴᠢᠴᠢᠨᠢ᠂ ᠵ∙ᠪᠢᠽᠸ᠂ ᠵ∙ᠸᠧᠷᠳ᠋ ᠨᠠᠷ ᠤᠨ ᠰᠣᠩᠭᠣᠳᠠᠭ ᠪᠦᠲᠦᠭᠡᠯ᠂ ︽ᠪᠢ ᠮᠣᠩᠭᠣᠯ ᠬᠦᠮᠦᠨ︾᠂ ︽ᠮᠣᠩᠭᠣᠯ ᠤᠨ ᠲᠠᠯ᠎ᠠ ᠨᠤᠲᠤᠭ︾ ᠳᠠᠭᠤᠤ ᠨᠤᠭᠤᠳ ᠢᠶᠠᠷ ᠦᠵᠡᠭᠴᠢᠳ ᠦᠨ ᠰᠣᠨᠣᠷ᠂ ᠮᠡᠯᠮᠡᠢ ᠶᠢ ᠮᠢᠯᠢᠶᠠᠵᠤ᠂ ᠠᠯᠠᠭ᠎ᠠ ᠲᠠᠰᠢᠯᠲᠠ ᠳᠦᠭᠦᠷᠡᠩ ᠲᠣᠭᠯᠠᠯᠲᠠ ᠪᠣᠯᠤᠭᠰᠠᠨ᠃

ᠲᠣᠭᠯᠠᠯᠲᠠ ᠶᠢ ᠢᠨᠳᠤᠨᠢᠰᠢᠶ᠎ᠠ ᠶᠢᠨ ᠬᠡᠪᠯᠡᠯ ᠳᠦ ︽ᠴᠢᠩᠭᠢᠰ ᠬᠠᠭᠠᠨ ᠤ ᠡᠬᠡ ᠣᠷᠣᠨ ᠤ ᠳᠠᠭᠤᠷᠢ ᠶᠢᠨ ᠳᠥᠷᠪᠡᠨ ᠳᠠᠭᠤᠴᠢᠨ ᠵᠠᠺᠠᠷᠳᠠ ᠳᠤ ᠬᠦᠴᠦ ᠲᠦᠷᠢᠨ ᠣᠷᠣᠵᠤ ᠢᠷᠡᠪᠡ︾ ᠭᠡᠵᠦ ᠣᠨᠴᠠᠯᠠᠵᠤ ᠪᠠᠶᠢᠯ᠎ᠠ᠃ ᠮᠣᠩᠭᠣᠯ ᠤᠯᠤᠰ ᠤᠨ ᠡᠷᠭᠦᠮᠵᠢᠲᠦ ᠺᠤᠨᠰᠦ᠋ᠯ ᠴᠠᠨᠳ᠋ᠷᠠ ᠭᠤᠽᠠᠯᠢ ᠬᠡᠯᠡᠭᠰᠡᠨ ᠦᠭᠡᠨ ᠳᠦ ᠪᠡᠨ᠄ ᠮᠣᠩᠭᠣᠯ᠂ ᠢᠨᠳᠤᠨᠢᠰᠢᠶ᠎ᠠ ᠶᠢᠨ ᠬᠣᠭᠣᠷᠣᠨᠳᠣ 1956 ᠣᠨ ᠳᠤ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠠᠴᠠ ᠬᠣᠶᠢᠰᠢ ᠤᠯᠤᠰ ᠲᠥᠷᠥ᠂ ᠡᠳ᠋ ᠍ ᠦᠨ ᠵᠠᠰᠠᠭ ᠤᠨ ᠰᠠᠯᠪᠤᠷᠢ ᠶᠢᠨ ᠬᠠᠮᠲᠤ ᠶᠢᠨ ᠠᠵᠢᠯᠯᠠᠭ᠎ᠠ ᠰᠡᠭᠦᠯ ᠦᠨ ᠵᠢᠯ ᠦᠳ ᠲᠦ ᠡᠷᠴᠢᠮᠲᠡᠢ ᠬᠥᠭᠵᠢᠵᠦ ᠪᠠᠶᠢᠭ᠎ᠠ ᠶᠢ ᠲᠡᠮᠳᠡᠭᠯᠡᠵᠦ᠂ ᠴᠢᠨᠠᠭᠰᠢᠳᠠ ᠡᠷᠴᠢᠮ ᠬᠦᠴᠦ᠂ ᠪᠣᠯᠪᠠᠰᠤᠷᠠᠯ᠂ ᠬᠤᠳᠠᠯᠳᠤᠭ᠎ᠠ᠂ ᠨᠡᠶᠢᠭᠡᠮ᠂ ᠪᠣᠯᠪᠠᠰᠤᠷᠠᠯ ᠵᠡᠷᠭᠡ ᠣᠯᠠᠨ ᠰᠠᠯᠪᠤᠷᠢ ᠶᠢᠨ ᠬᠠᠮᠲᠤ ᠶᠢᠨ ᠠᠵᠢᠯᠯᠠᠭ᠎ᠠ ᠶᠢ ᠬᠥᠭᠵᠢᠭᠦᠯᠬᠦ ᠪᠣᠯᠤᠮᠵᠢ ᠨᠤᠭᠤᠳ ᠪᠠᠶᠢᠭ᠎ᠠ ᠶᠢ ᠳᠤᠷᠠᠳᠴᠤ᠂ ︽ᠮᠣᠩᠭᠣᠯ ᠤᠨ ᠳᠠᠭᠤᠷᠢ ᠶᠢᠨ ᠦᠳᠡᠰᠢ︾ ᠨᠢ ᠰᠤᠶᠤᠯ᠂ ᠠᠶᠠᠯᠠᠯ ᠵᠢᠭᠤᠯᠴᠢᠯᠠᠯ ᠤᠨ ᠬᠠᠮᠲᠤ ᠶᠢᠨ ᠠᠵᠢᠯᠯᠠᠭ᠎ᠠ ᠶᠢ ᠡᠷᠴᠢᠮᠵᠢᠭᠦᠯᠬᠦ  ᠳᠤ ᠦᠷ᠎ᠡ ᠦᠭᠭᠦᠭᠡᠵᠢ ᠪᠡᠨ ᠥᠭᠭᠦᠨ᠎ᠡ ᠭᠡᠳᠡᠭ ᠲᠦ ᠢᠲᠡᠭᠡᠵᠦ ᠪᠠᠶᠢᠭ᠎ᠠ ᠪᠠᠨ ᠢᠯᠡᠷᠬᠡᠶᠢᠯᠡᠪᠡ᠃

ᠰᠡᠳᠬᠢᠭᠳᠡᠯ ᠦᠯᠡᠳᠡᠭᠡᠬᠦ