ᠠᠯᠪᠠᠨ ᠤ ᠮᠠᠰᠢᠨ ᠢ ᠬᠤᠪᠢ ᠳᠤ ᠠᠰᠢᠭᠯᠠᠬᠤ ᠶᠢ ᠬᠤᠷᠢᠭᠯᠠᠯ᠎ᠠ  | News.MN

ᠠᠯᠪᠠᠨ ᠤ ᠮᠠᠰᠢᠨ ᠢ ᠬᠤᠪᠢ ᠳᠤ ᠠᠰᠢᠭᠯᠠᠬᠤ ᠶᠢ ᠬᠤᠷᠢᠭᠯᠠᠯ᠎ᠠ 

ᠨᠡᠶᠢᠰᠯᠡᠯ ᠦᠨ ᠵᠠᠰᠠᠭ ᠳᠠᠷᠤᠭ᠎ᠠ ᠰ∙ᠠᠮᠤᠷᠰᠠᠶᠢᠬᠠᠨ ᠥᠴᠦᠭᠡᠳᠦᠷ ︽ᠲᠥᠷᠦ ᠶᠢᠨ ᠠᠯᠪᠠᠨ ᠤ ᠲᠤᠬᠠᠢ︾ ᠬᠠᠤᠯᠢ ᠶᠢ ᠬᠡᠷᠡᠭᠵᠢᠭᠦᠯᠬᠦ ᠲᠠᠯ᠎ᠠ ᠪᠠᠷ ᠠᠪᠬᠤ ᠵᠠᠷᠢᠮ ᠠᠷᠭ᠎ᠠ ᠬᠡᠮᠵᠢᠶᠡᠨ ᠦ ᠲᠤᠬᠠᠢ ᠵᠠᠬᠢᠷᠤᠮᠵᠢ ᠭᠠᠷᠭᠠᠯ᠎ᠠ᠃
ᠵᠠᠬᠢᠷᠤᠮᠵᠢ ᠳᠤ᠄ ᠲᠥᠷᠥ ᠶᠢᠨ ᠠᠯᠪᠠᠨ ᠤ ᠲᠤᠬᠠᠢ ᠬᠠᠤᠯᠢ᠂ ᠵᠠᠬᠢᠷᠭᠠᠨ ᠤ ᠪᠣᠯᠤᠨ ᠦᠢᠯᠡᠴᠢᠯᠡᠭᠡᠨ ᠦ ᠠᠯᠪᠠᠨ ᠬᠠᠭᠠᠭᠴᠢ ᠶᠢᠨ ᠶᠣᠰᠣ ᠵᠦᠢ ᠶᠢᠨ ᠳᠦᠷᠢᠮ ᠦᠨ ᠬᠡᠷᠡᠭᠵᠢᠯᠲᠡ ᠶᠢ ᠬᠠᠩᠭᠠᠵᠤ ᠂ ᠲᠥᠷᠥ ᠶᠢᠨ ᠪᠠᠶᠢᠭᠤᠯᠤᠯᠭ᠎ᠠ ᠶᠢᠨ ᠡᠳ᠋ ᠬᠥᠷᠥᠩᠭᠡ᠂ ᠲᠧᠭᠨᠢᠭ᠂ ᠠᠯᠪᠠᠨ ᠮᠡᠳᠡᠭᠡᠯᠡᠯ ᠢ ᠬᠤᠪᠢ ᠶᠢᠨ ᠵᠣᠷᠢᠯᠭ᠎ᠠ ᠪᠠᠷ ᠠᠰᠢᠭᠯᠠᠨ ᠵᠠᠪᠰᠢᠬᠤ ᠦᠭᠡᠢ ᠪᠠᠶᠢᠬᠤ᠂ ᠠᠵᠢᠯ ᠡᠭᠦᠷᠭᠡ ᠪᠡᠨ ᠴᠠᠭ ᠲᠤᠬᠠᠢ ᠳᠤ ᠨᠢ ᠪᠡᠶᠡᠯᠡᠭᠦᠯᠵᠦ ᠠᠵᠢᠯᠯᠠᠬᠤ ᠶᠢ ᠲᠥᠷᠥ ᠶᠢᠨ ᠪᠠᠶᠢᠭᠤᠯᠤᠯᠭ᠎ᠠ ᠶᠢᠨ ᠤᠳᠤᠷᠢᠳᠤᠯᠭ᠎ᠠ᠂ ᠲᠥᠷᠥ ᠶᠢᠨ ᠠᠯᠪᠠᠨ ᠬᠠᠭᠠᠭᠴᠢᠳ ᠲᠤ ᠵᠥᠪᠯᠡᠰᠦᠭᠡᠢ ᠬᠡᠮᠡᠵᠡᠢ᠃
ᠲᠡᠭᠦᠨᠴᠢᠯᠡᠨ ᠲᠥᠷᠦ ᠶᠢᠨ ᠪᠠᠶᠢᠭᠤᠯᠤᠯᠭ᠎ᠠ ᠶᠢᠨ ᠡᠳ᠋ ᠬᠥᠷᠦᠩᠭᠡ᠂ ᠲᠧᠭᠨᠢᠭ ᠬᠡᠷᠡᠭᠰᠡᠯ ︵ᠮᠠᠰᠢᠨ︶᠂ ᠮᠡᠳᠡᠭᠡᠯᠡᠯ ᠢ ᠠᠯᠪᠠᠨ ᠤ ᠪᠤᠰᠤ ᠵᠣᠷᠢᠯᠭ᠎ᠠ ᠪᠠᠷ ᠥᠪᠡᠷ ᠢᠶᠡᠨ ᠪᠣᠯᠤᠨ ᠪᠤᠰᠤᠳ ᠲᠤ ᠠᠰᠢᠭᠯᠠᠭᠤᠯᠤᠭᠰᠠᠨ ᠲᠥᠷᠦ ᠶᠢᠨ ᠠᠯᠪᠠᠨ ᠬᠠᠭᠠᠭᠴᠢ ᠶᠢ ᠲᠥᠷᠦ ᠶᠢᠨ ᠠᠯᠪᠠᠨ ᠠᠴᠠ ᠴᠢᠯᠦᠭᠡᠯᠡᠬᠦ᠂ ᠲᠥᠷᠦ ᠶᠢᠨ ᠠᠯᠪᠠᠨ ᠳᠤ ᠳᠠᠬᠢᠨ ᠠᠵᠢᠯᠯᠠᠭᠤᠯᠬᠤ ᠠᠴᠠ ᠲᠠᠲᠠᠭᠠᠯᠵᠠᠬᠤ ᠦᠨᠳᠦᠰᠦᠯᠡᠯ ᠪᠣᠯᠬᠤ ︽ᠲᠥᠷᠦ ᠶᠢᠨ ᠠᠯᠪᠠᠨ ᠤ ᠲᠤᠬᠠᠢ︾ ᠬᠠᠤᠯᠢ ᠶᠢᠨ ᠵᠣᠬᠢᠴᠠᠭᠤᠯᠤᠯᠲᠠ ᠶᠢᠨ ᠳᠠᠭᠠᠤ ᠠᠷᠭ᠎ᠠ ᠬᠡᠮᠵᠢᠶ᠎ᠡ ᠠᠪᠴᠤ ᠬᠡᠷᠡᠭᠵᠢᠭᠦᠯᠬᠦ ᠶᠢ ᠨᠡᠶᠢᠰᠯᠡᠯ ᠦᠨ ᠨᠤᠲᠤᠭ ᠤᠨ ᠵᠠᠬᠢᠷᠭᠠᠨ ᠤ ᠪᠠᠶᠢᠭᠤᠯᠤᠯᠭ᠎ᠠ ᠶᠢᠨ ᠤᠳᠤᠷᠢᠳᠤᠯᠭ᠎ᠠ ᠨᠠᠷ ᠂ ᠬᠣᠯᠪᠣᠭᠳᠠᠬᠤ ᠡᠷᠬᠡ ᠪᠦᠬᠦᠢ ᠠᠯᠪᠠᠨ  ᠲᠤᠰᠢᠶᠠᠯᠲᠠᠳ᠂ ᠳᠡᠭᠦᠷᠭᠡ ᠶᠢᠨ ᠵᠠᠰᠠᠭ ᠳᠠᠷᠤᠭ᠎ᠠ ᠨᠠᠷ ᠲᠤ ᠡᠭᠦᠷᠭᠡ ᠪᠣᠯᠭᠠᠰᠤᠭᠠᠢ ᠭᠡᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

Иргэн 2019-11-19 64.119.21.160

Сонгуулийн шоу