ᠦᠷ᠎ᠡ ᠲᠠᠷᠢᠶᠠᠨ ᠤ ᠬᠤᠷᠢᠶᠠᠯᠲᠠ ᠡᠮᠦᠨᠡᠬᠢ ᠵᠢᠯ ᠡᠴᠡ ᠪᠠᠭᠤᠷᠠᠵᠠᠢ  | News.MN

ᠦᠷ᠎ᠡ ᠲᠠᠷᠢᠶᠠᠨ ᠤ ᠬᠤᠷᠢᠶᠠᠯᠲᠠ ᠡᠮᠦᠨᠡᠬᠢ ᠵᠢᠯ ᠡᠴᠡ ᠪᠠᠭᠤᠷᠠᠵᠠᠢ 

ᠤᠯᠤᠰ ᠤᠨ ᠬᠡᠮᠵᠢᠶᠡᠨ ᠳᠦ 397.2 ᠮᠢᠩᠭᠠᠨ ᠲᠣᠨ ᠦᠷ᠎ᠡ ᠲᠠᠷᠢᠶ᠎ᠠ ᠬᠤᠷᠢᠶᠠᠵᠤ ᠠᠪᠤᠭᠠᠳ ᠪᠠᠶᠢᠨ᠎ᠠ᠃ ᠮᠥᠨ 189.2 ᠮᠢᠩᠭᠠᠨ ᠲᠥᠮᠥᠰᠥ᠂ 91.1 ᠮᠢᠩᠭᠠᠨ ᠲᠣᠨ ᠬᠦᠨᠡᠰᠦᠨ ᠦ ᠨᠣᠭᠣᠭ᠎ᠠ ᠬᠤᠷᠢᠶᠠᠵᠤ᠂ 1.1 ᠰᠠᠶ᠎ᠠ ᠲᠣᠨ ᠡᠪᠡᠰᠦ ᠬᠠᠳᠤᠯᠠᠩ᠂ 39.6 ᠮᠢᠩᠭᠠᠨ ᠲᠣᠨ ᠭᠠᠷ ᠲᠡᠵᠢᠭᠡᠯ᠂ 5.3 ᠮᠢᠩᠭᠠᠨ ᠲᠣᠨ ᠳᠠᠷᠤᠰᠢ ᠪᠡᠯᠡᠳᠬᠡᠵᠡᠢ᠃ ᠬᠤᠷᠢᠶᠠᠭᠰᠠᠨ ᠲᠥᠮᠥᠰᠥ ᠡᠮᠦᠨᠡᠬᠢ ᠣᠨ ᠤ ᠮᠥᠨ ᠦᠶ᠎ᠡ ᠶᠢᠨ ᠬᠢ ᠡᠴᠡ 22.6 ᠮᠢᠩᠭᠠᠨ ᠲᠣᠨ ᠪᠤᠶᠤ 13.5 ᠬᠤᠪᠢ ᠪᠠᠷ ᠶᠡᠬᠡ ᠪᠠᠶᠢᠭ᠎ᠠ ᠪᠣᠯ ᠪᠡᠯᠡᠳᠬᠡᠭᠰᠡᠨ ᠡᠪᠡᠰᠦ ᠬᠠᠳᠤᠯᠠᠩ 16.8 ᠮᠢᠩᠭᠠᠨ ᠲᠣᠨ ᠢᠶᠠᠷ᠂ ᠭᠠᠷ ᠲᠡᠵᠢᠭᠡᠯ 3.1 ᠮᠢᠩᠭᠠᠨ ᠲᠣᠨ ᠢᠶᠠᠷ᠂ ᠳᠠᠷᠤᠰᠢ 0.8 ᠮᠢᠩᠭᠠᠨ ᠲᠣᠨ ᠢᠶᠠᠷ ᠥᠰᠴᠠᠢ᠃ ᠬᠠᠷᠢᠨ ᠬᠤᠷᠢᠶᠠᠭᠰᠠᠨ ᠦᠷ᠎ᠡ ᠲᠠᠷᠢᠶ᠎ᠠ 18.9 ᠮᠢᠩᠭᠠᠨ ᠲᠣᠨ ᠢᠶᠠᠷ᠂ ᠬᠦᠨᠡᠰᠦᠨ ᠦ ᠨᠣᠭᠣᠭ᠎ᠠ 3.9 ᠮᠢᠩᠭᠠᠨ ᠲᠣᠨ ᠢᠶᠠᠷ ᠲᠤᠰ ᠲᠤᠰ ᠪᠠᠭᠤᠷᠠᠵᠠᠢ᠃
ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠤ ᠮᠡᠳᠡᠭᠡᠯᠡᠭᠰᠡᠨ ᠢᠶᠡᠷ ᠳᠣᠷᠣᠨᠠᠲᠤ᠂ ᠬᠥᠪᠰᠥᠭᠥᠯ᠂ ᠤᠪᠰᠤ᠂ ᠪᠤᠯᠠᠭᠠᠨ᠂ ᠲᠥᠪ᠂ ᠰᠡᠯᠡᠩᠭᠡ ᠠᠶᠢᠮᠠᠭ ᠤᠳ ᠨᠡᠶᠢᠲᠡ ᠬᠤᠷᠢᠶᠠᠭᠰᠠᠨ ᠦᠷ᠎ᠡ ᠲᠠᠷᠢᠶᠠᠨ ᠤ 87.9  ᠬᠤᠪᠢ ᠂ ᠳᠠᠷᠬᠠᠨ-ᠠᠭᠤᠯᠠ᠂ ᠬᠣᠪᠳᠣ᠂ ᠰᠡᠯᠡᠩᠭᠡ᠂ ᠲᠥᠪ ᠠᠶᠢᠮᠠᠭ ᠤᠳ ᠨᠡᠶᠢᠲᠡ ᠬᠤᠷᠢᠶᠠᠭᠰᠠᠨ ᠲᠥᠮᠦᠰᠦᠨ ᠦ 81.6  ᠬᠤᠪᠢ ᠂ ᠤᠯᠠᠭᠠᠨᠪᠠᠭᠠᠲᠤᠷ ᠬᠣᠲᠠ᠂ ᠬᠣᠪᠳᠣ᠂ ᠳᠠᠷᠬᠠᠨ-ᠠᠭᠤᠯᠠ᠂ ᠲᠥᠪ᠂ ᠰᠡᠯᠡᠩᠭᠡ ᠠᠶᠢᠮᠠᠭ ᠤᠳ ᠨᠡᠶᠢᠲᠡ ᠬᠦᠨᠡᠰᠦᠨ ᠦ ᠨᠣᠭᠣᠭᠠᠨ ᠤ ᠤᠷᠭᠤᠴᠠ ᠶᠢᠨ 76.7  ᠬᠤᠪᠢ ᠶᠢ ᠲᠤᠰ ᠲᠤᠰ ᠪᠦᠷᠢᠳᠦᠭᠦᠯᠵᠡᠢ᠃

ᠰᠡᠳᠬᠢᠭᠳᠡᠯ ᠦᠯᠡᠳᠡᠭᠡᠬᠦ