ᠭᠠᠯ ᠤᠨᠲᠠᠷᠠᠭᠠᠬᠤ ᠮᠠᠰᠢᠨ ᠬᠥᠰᠢᠶ᠎ᠡ ᠪᠣᠯᠤᠨ ᠰᠦᠨᠳᠡᠷᠯᠡᠯ᠎ᠡ  | News.MN

 ᠭᠠᠯ ᠤᠨᠲᠠᠷᠠᠭᠠᠬᠤ ᠮᠠᠰᠢᠨ ᠬᠥᠰᠢᠶ᠎ᠡ ᠪᠣᠯᠤᠨ ᠰᠦᠨᠳᠡᠷᠯᠡᠯ᠎ᠡ 

ᠠᠩᠬ᠎ᠠ 1976 ᠣᠨ ᠠᠴᠠ ᠬᠣᠶᠢᠰᠢ ᠠᠷᠠᠳ ᠢᠷᠭᠡᠳ ᠦᠨ ᠠᠶᠤᠯᠭᠦᠢ ᠪᠠᠶᠢᠳᠠᠯ ᠢ ᠬᠠᠩᠭᠠᠵᠤ᠂ ᠭᠠᠯ ᠤᠰᠤᠨ ᠤ ᠭᠤᠯᠤᠮᠲᠠ  ᠳᠤ ᠡᠭᠦᠷᠭᠡ ᠭᠦᠢᠴᠡᠳᠭᠡᠨ ᠠᠵᠢᠯᠯᠠᠭᠰᠠᠨ ︽ᠽᠢᠯ-130 АЦ 40︾ ᠮᠠᠷᠺ ᠤᠨ ᠭᠠᠯ ᠤᠨᠲᠠᠷᠠᠭᠠᠬᠤ ᠮᠠᠰᠢᠨ ᠲᠡᠦᠬᠡᠨ ᠳᠦ ᠮᠥᠩᠬᠡᠯᠡᠭᠳᠡᠨ ᠪᠠᠷᠠᠭᠤᠨ ᠪᠥᠰᠡ ᠶᠢᠨ ᠲᠥᠪ – ᠬᠣᠪᠳᠣ ᠠᠶᠢᠮᠠᠭ ᠤᠨ ᠣᠨᠴᠠᠭᠠᠢ ᠪᠠᠶᠢᠳᠠᠯ ᠤᠨ ᠭᠠᠵᠠᠷ ᠤᠨ ᠭᠠᠯ ᠲᠦᠢᠮᠡᠷ ᠤᠨᠲᠠᠷᠠᠭᠠᠬᠤ᠂ ᠠᠪᠤᠷᠠᠬᠤ 48 ᠳ᠋ᠤᠭᠠᠷ ᠠᠩᠬᠢ ᠶᠢᠨ ᠭᠠᠳᠠᠨ᠎ᠠ ᠲᠠᠯᠠᠪᠠᠢ ᠳᠤ ᠬᠥᠰᠢᠶ᠎ᠡ ᠪᠣᠯᠤᠨ ᠰᠦᠨᠳᠡᠷᠯᠡᠯ᠎ᠡ᠃

ᠠᠯᠪᠠ ᠬᠠᠭᠠᠭᠴᠢᠳ ᠠᠩᠭᠢ ᠶᠢᠨ ᠢᠶᠠᠨ 50 ᠵᠢᠯ ᠦᠨ ᠣᠢ ᠳᠤ ᠵᠣᠷᠢᠭᠤᠯᠤᠨ ᠠᠯᠪᠠᠨ ᠳᠤ ᠪᠠᠨ ᠥᠨᠥ ᠶᠢ ᠬᠦᠷᠲᠡᠯ᠎ᠡ ᠬᠠᠮᠲᠤ ᠳᠤ ᠪᠠᠨ ᠵᠢᠳᠬᠦᠭᠰᠡᠨ ᠤᠯᠠᠭᠠᠨ ᠮᠠᠰᠢᠨ ᠳᠤ ᠪᠠᠨ ᠲᠧᠭᠨᠢᠭ ᠦᠨ ᠪᠦᠷᠢᠨ ᠦᠢᠯᠡᠴᠢᠯᠡᠭᠡ ᠶᠢ ᠬᠢᠵᠦ᠂ ᠥᠩᠭᠡ ᠦᠵᠡᠮᠵᠢ ᠶᠢ ᠰᠡᠷᠭᠦᠭᠡᠨ ᠵᠠᠰᠠᠪᠤᠷᠢᠯᠠᠨ ᠬᠥᠰᠢᠶ᠎ᠡ ᠪᠣᠰᠬᠠᠭᠰᠠᠨ ᠨᠢ ᠭᠠᠯ ᠲᠦᠢᠮᠡᠷ᠂ ᠤᠨᠲᠠᠷᠠᠭᠠᠬᠤ 48 ᠳ᠋ᠤᠭᠠᠷ ᠠᠩᠬᠢ ᠶᠢᠨ ᠲᠡᠳᠦᠢ ᠦᠭᠡᠢ ᠬᠣᠪᠳᠣ ᠬᠣᠲᠠ ᠶᠢᠨ ᠬᠥᠰᠢᠶ᠎ᠡ ᠳᠤᠷᠠᠰᠬᠠᠯ᠂ ᠲᠡᠦᠬᠡ ᠶᠢᠨ ᠨᠢᠭᠡᠨ ᠭᠡᠷᠡᠴᠢ ᠪᠣᠯᠤᠨ ᠮᠦᠩᠬᠡᠷᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ