ᠰ∙ᠲᠤᠳᠤᠪᠢᠯᠢᠭ᠌ ᠵᠢᠦ᠋ᠷᠢᠶᠤ᠋ ᠶᠢ ᠬᠣᠰᠢᠭᠤᠴᠢᠯᠠᠵᠤ ᠪᠠᠶᠢᠨ᠎ᠠ  | News.MN

ᠰ∙ᠲᠤᠳᠤᠪᠢᠯᠢᠭ᠌ ᠵᠢᠦ᠋ᠷᠢᠶᠤ᠋ ᠶᠢ ᠬᠣᠰᠢᠭᠤᠴᠢᠯᠠᠵᠤ ᠪᠠᠶᠢᠨ᠎ᠠ 

ᠶᠠᠫᠣᠨ ᠤ ᠮᠡᠷᠭᠡᠵᠢᠯ ᠦᠨ ᠰᠦᠮᠦᠤ ᠶᠢᠨ ᠭᠤᠷᠪᠠᠳᠠᠬᠢ ᠡᠳᠦᠷ ᠦᠨ ᠪᠠᠷᠢᠯᠳᠤᠭᠠᠨ ᠤ ᠳᠠᠷᠠᠭᠠᠬᠢ ᠪᠠᠶᠢᠳᠠᠯ ᠢᠶᠠᠷ ᠮ∙ᠳᠠᠸᠠᠵᠢᠷᠭᠠᠯ 2 ᠳᠠᠪᠠᠭ᠎ᠠ ᠨᠢᠭᠡ ᠤᠨᠤᠭ᠎ᠠ ᠲᠠᠢ ᠪᠣᠯᠵᠠᠢ᠃ ᠺᠢᠦ᠋ᠰᠢᠤ᠋  ᠪᠠᠱᠶᠤ᠋ ᠶᠢᠨ ᠡᠬᠢᠨ ᠦ ᠡᠳᠦᠷ ᠦᠳ ᠲᠦ ᠶᠡᠬᠡ ᠠᠪᠤᠷᠭᠤ ᠪᠣᠯᠤᠨ ᠠᠷᠰᠯᠠᠨ ᠴᠤᠯᠠᠲᠠᠳ ᠡᠪᠦᠳᠦᠭ ᠰᠢᠷᠤᠶᠢᠳᠠᠭᠰᠠᠨ ᠲᠤᠯᠠ ᠮᠸᠭᠠᠱᠢᠷᠠ ᠶᠢᠨ ᠶᠢᠰᠦᠳᠡᠬᠢ ᠪᠥᠬᠡ ᠶᠦᠲ᠋ᠠᠺᠠᠶᠠᠮ᠎ᠠ᠂ 10 ᠳᠠᠬᠢ ᠪᠥᠬᠡ ᠱᠣᠳᠠᠢ᠂ 15 ᠳᠠᠬᠢ ᠪᠥᠬᠡ ᠸᠠᠺᠠᠲ᠋ᠠᠺᠠᠺᠡᠭᠡ ᠨᠠᠷ ᠭᠠᠭᠴᠠ ᠴᠤ ᠤᠨᠠᠭ᠎ᠠ ᠦᠭᠡᠢ ᠪᠡᠷ ᠲᠡᠮᠡᠴᠡᠭᠡᠨ ᠢ ᠬᠣᠰᠢᠭᠤᠴᠢᠯᠠᠵᠤ ᠶᠠᠪᠤᠭ᠎ᠠ ᠶᠤᠮ ᠃
ᠮᠸᠭᠠᠱᠢᠷᠠ ᠶᠢᠨ ᠳᠦᠷᠪᠡᠳᠡᠬᠢ ᠪᠥᠬᠡ ᠪ∙ᠮᠦᠩᠬᠡᠠᠤᠷᠭᠢᠯ ᠥᠨᠥᠳᠥᠷ ᠺᠤᠲ᠋ᠤᠶᠤᠺᠢ ᠡᠪᠦᠳᠦᠭ ᠰᠢᠷᠣᠶᠢᠳᠠᠵᠤ ᠬᠣᠶᠠᠷ ᠳᠠᠪᠠᠭ᠎ᠠ ᠨᠢᠭᠡ ᠤᠨᠤᠭ᠎ᠠ ᠲᠠᠢ ᠪᠣᠯᠵᠠᠢ᠃ ᠲ∙ᠰᠢᠵᠢᠷᠪᠠᠶᠠᠷ ᠲᠡᠮᠡᠴᠡᠭᠡᠨ ᠢ ᠲᠠᠭᠠᠷᠠᠤᠬᠠᠨ ᠡᠬᠢᠯᠡᠵᠦ ᠥᠨᠥᠳᠥᠷ  ᠭᠤᠷᠪᠠᠳᠠᠬᠢ ᠢᠯᠠᠭᠳᠠᠯ ᠢᠶᠠᠨ ᠬᠦᠯᠢᠶᠡᠵᠡᠢ᠃ ᠵᠢᠦ᠋ᠷᠢᠶᠤ᠋  ᠵᠢᠨᠳᠠᠭᠠᠨ ᠢ ᠲᠡᠷᠢᠭᠦᠯᠡᠨ ᠪᠠᠷᠢᠯᠳᠤᠵᠤ ᠪᠤᠢ ᠰ∙ᠲᠤᠳᠤᠪᠢᠯᠢᠭ᠌ ᠥᠨᠥᠳᠥᠷ ᠤᠴᠠᠷᠠᠭ᠎ᠠ ᠪᠠᠨ ᠳᠠᠪᠠᠭᠰᠠᠨ ᠢᠶᠠᠷ ᠡᠪᠦᠳᠦᠭ ᠰᠢᠷᠣᠶᠢᠳᠠᠯ ᠦᠭᠡᠢ ᠲᠡᠮᠡᠴᠡᠭᠡᠨ ᠢ ᠬᠣᠰᠢᠭᠤᠴᠢᠯᠠᠵᠤ ᠪᠠᠶᠢᠨ᠎ᠠ᠃ ᠰ∙ᠪᠢᠮᠪᠠᠰᠦ᠋ᠷᠦᠩ ᠥᠨᠥᠳᠥᠷ ᠡᠪᠦᠳᠦᠭ ᠰᠢᠷᠤᠶᠢᠳᠠᠵᠤ ᠂ ᠬᠣᠶᠠᠷ ᠳᠠᠪᠠᠭ᠎ᠠ ᠨᠢᠭᠡ ᠤᠨᠤᠭ᠎ᠠ ᠲᠠᠢ ᠪᠣᠯᠵᠠᠢ᠃

ᠰᠡᠳᠬᠢᠭᠳᠡᠯ ᠦᠯᠡᠳᠡᠭᠡᠬᠦ