ᠬᠠᠰᠠᠭᠰᠲ᠋ᠠᠨ ᠳᠤ ᠪᠣᠯᠵᠤ ᠪᠤᠢ ᠴᠢᠯᠦᠭᠡᠲᠦ ᠪᠥᠬᠡ ᠶᠢᠨ ᠡᠷᠡᠭᠲᠡᠶᠢᠴᠦᠳ ᠦᠨ ᠣᠯᠠᠨ ᠤᠯᠤᠰ ᠤᠨ ᠲᠡᠮᠡᠴᠡᠭᠡᠨ ᠦ 57 ᠺᠢᠯᠦᠭᠷᠡᠮ ᠳᠦ ᠲᠦᠮᠡᠨᠪᠢᠯᠢᠭ ᠤᠨ ᠲᠦᠪᠰᠢᠨᠲᠤᠯᠭ᠎ᠠ ᠠᠯᠲᠠᠨ ᠮᠧᠳᠠᠯ ᠬᠦᠷᠲᠡᠯ᠎ᠡ᠃
ᠬᠠᠰᠠᠭᠰᠲ᠋ᠠᠨ ᠤ ᠤᠯᠤᠰ ᠲᠥᠷᠥ᠂ ᠨᠡᠶᠢᠭᠡᠮ ᠤᠨ ᠨᠡᠷᠡᠲᠦ ᠵᠢᠳᠬᠦᠯᠲᠡᠨ ᠳ᠂ ᠺᠤᠨᠠᠶ᠋ᠸᠪ ᠤᠨ ᠨᠡᠷᠡᠮᠵᠢᠲᠦ ᠡᠨᠡᠬᠦ ᠲᠡᠮᠡᠴᠡᠭᠡᠨ ᠭᠤᠷᠪᠠᠳᠠᠬᠢ ᠡᠳᠦᠷ ᠢᠶᠡᠨ ᠦᠷᠭᠦᠯᠵᠢᠯᠡᠵᠦ ᠪᠠᠶᠢᠨ᠎ᠠ᠃ ᠥᠴᠥᠭᠡᠳᠦᠷ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠲ∙ᠲᠦᠪᠰᠢᠨᠲᠤᠯᠭ᠎ᠠ᠂ 2019 ᠣᠨ ᠤ 23 ᠬᠦᠷᠲᠡᠯᠡᠬᠢ ᠨᠠᠰᠤᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠮᠠᠨ ᠤ ᠽ∙ᠵᠠᠨᠠᠪᠠᠽᠠᠷ ᠢ ᠢᠯᠠᠵᠤ ᠂ ᠤᠯᠠᠮ ᠢᠶᠠᠷ ᠮᠥᠩᠭᠥᠨ ᠮᠧᠳᠠᠯ ᠬᠦᠷᠲᠡᠭᠰᠡᠨ ᠡᠵᠡᠨ ᠣᠷᠣᠨ ᠤ ᠠᠳ᠋ᠯᠠᠨ ᠠᠰᠺᠠᠷᠤᠪ ᠢ 6᠄1 ᠪᠡᠷ ᠢᠯᠠᠵᠤ ᠠᠪᠤᠷᠭᠤ ᠪᠠᠷ ᠲᠣᠳᠣᠷᠠᠭᠰᠠᠨ ᠪᠠᠶᠢᠨ᠎ᠠ᠃ ᠲᠡᠷᠡᠪᠡᠷ ᠲᠤᠰ ᠲᠡᠮᠡᠴᠡᠭᠡᠨ ᠳᠦ ᠠᠪᠤᠷᠭᠤᠯᠠᠭᠰᠠᠨ ᠳᠦᠷᠪᠡᠳᠡᠬᠢ ᠲᠠᠮᠢᠷᠴᠢᠨ ᠪᠣᠯᠵᠤ ᠪᠠᠶᠢᠭ᠎ᠠ ᠪᠥᠭᠡᠳ ᠡᠮᠦᠨ᠎ᠡ ᠨᠢ ᠡ᠊∙ᠪᠡᠬᠢᠪᠠᠶᠠᠷ 2013᠂ ᠭ∙ᠮᠠᠨᠳᠤᠬᠤᠨᠠᠷᠠᠨ 2014᠂ ᠣ᠊∙ᠦᠢᠲᠦ᠋ᠮᠠᠨ 2014᠂ 2018 ᠣᠨ ᠳᠤ ᠲᠦᠷᠦᠭᠦᠯᠡᠵᠦ ᠪᠠᠶᠢᠪᠠ᠃