︽ᠠᠯᠲᠠᠨ ᠨᠠᠮᠤᠷ︾ ᠤᠷᠠᠯᠢᠭ ᠤᠨ ᠨᠠᠭᠠᠳᠤᠮ  ᠪᠤᠯᠪᠠ  | News.MN

︽ᠠᠯᠲᠠᠨ ᠨᠠᠮᠤᠷ︾ ᠤᠷᠠᠯᠢᠭ ᠤᠨ ᠨᠠᠭᠠᠳᠤᠮ  ᠪᠤᠯᠪᠠ 

ᠤᠪᠰᠤ ᠠᠶᠢᠮᠠᠭ ᠤᠨ ᠨᠠᠷᠠᠨᠪᠤᠯᠠᠭ ᠰᠤᠮᠤ ᠶᠢᠨ ᠰᠤᠶᠤᠯ ᠤᠨ ᠲᠥᠪ ᠡᠴᠡ ᠰᠤᠮᠤ ᠶᠢᠨ ᠢᠶᠠᠨ ᠰᠤᠷᠭᠠᠭᠤᠯᠢ ᠶᠢᠨ ᠰᠤᠷᠤᠭᠴᠢᠳ ᠤᠨ ᠠᠪᠢᠶᠠᠰ ᠴᠢᠳᠠᠪᠤᠷᠢ ᠶᠢ ᠨᠡᠭᠡᠭᠡᠵᠦ ᠢᠯᠡᠷᠡᠭᠦᠯᠬᠦ᠂ ᠬᠥᠭᠵᠢᠭᠦᠯᠬᠦ ᠵᠣᠷᠢᠯᠭ᠎ᠠ ᠪᠠᠷ ︽ᠠᠯᠲᠠᠨ ᠨᠠᠮᠤᠷ︾ ᠨᠠᠭᠠᠳᠤᠮ ᠢ 15 ᠳ᠋ᠡᠬᠢ ᠵᠢᠯ ᠳᠦ ᠪᠡᠨ ᠵᠣᠬᠢᠶᠠᠨ ᠶᠠᠪᠤᠭᠤᠯᠵᠠᠢ᠃ ᠥᠩᠭᠡᠷᠡᠭᠰᠡᠨ ᠳᠣᠯᠣᠭ᠎ᠠ ᠬᠣᠨᠣᠭ ᠲᠤ ᠪᠣᠯᠤᠭᠰᠠᠨ ᠡᠨᠡᠬᠦ ᠨᠠᠭᠠᠳᠤᠮ ᠳᠤ ᠲᠤᠰ ᠰᠤᠮᠤ ᠶᠢᠨ ᠰᠤᠷᠭᠠᠭᠤᠯᠢ ᠶᠢᠨ 600 ᠭᠠᠷᠤᠢ ᠰᠤᠷᠤᠭᠴᠢ ᠠᠴᠠ 240 ᠭᠠᠷᠤᠢ ᠨᠢ ᠬᠠᠮᠤᠷᠤᠭᠳᠠᠭᠰᠠᠨ ᠪᠠᠶᠢᠨ᠎ᠠ᠃ ᠡᠮᠦᠨᠡᠬᠢ ᠵᠢᠯ ᠦᠳ ᠲᠦ ᠵᠥᠪᠬᠡᠨ ᠤᠷᠠᠯᠢᠭ ᠤᠨ ᠲᠥᠷᠦᠯ ᠦᠳ ᠢᠶᠡᠷ ᠶᠠᠪᠤᠭᠤᠯᠳᠠᠭ ᠪᠠᠶᠢᠭᠰᠠᠨ ᠪᠣᠯ ᠡᠨᠡ ᠵᠢᠯ ᠡᠴᠡ ᠰᠫᠣᠷᠲ ᠤᠨ ᠲᠥᠷᠦᠯ ᠨᠡᠮᠡᠭᠳᠡᠵᠡᠢ᠃ ᠲᠣᠳᠣᠷᠠᠭᠤᠯᠪᠠᠯ᠂ ᠭᠣᠴᠣᠯᠠᠯ᠂ ᠬᠠᠮᠲᠤᠯᠢᠭ ᠳᠠᠭᠤᠤ᠂ ᠬᠠᠮᠲᠤᠯᠢᠭ ᠪᠦᠵᠢᠭ᠂ ᠨᠠᠶᠢᠷᠠᠯ ᠳᠠᠭᠤᠤ᠂ ᠢᠵᠠᠭᠤᠷ ᠤᠷᠠᠯᠢᠭ᠂ ᠭᠠᠷ ᠤᠷᠠᠯᠠᠯ᠂ ᠰᠢᠲᠠᠷ᠎ᠠ᠂ ᠳᠠᠭᠠᠮ᠂ ᠭᠦᠶᠦᠯᠲᠡ᠂ ᠪᠠᠳᠮᠢᠨᠲ᠋ᠣᠨ᠂ ᠠᠭᠠᠷ ᠤᠨ ᠲᠧᠨᠨᠢᠰ᠂ ᠬᠥᠯ ᠪᠥᠮᠪᠥᠭᠡ ᠪᠡᠷ ᠰᠦᠯᠵᠢᠬᠦ ᠭᠡᠰᠡᠨ ᠲᠥᠷᠥᠯ ᠢᠶᠡᠷ 75 ᠪᠠᠭᠴᠠ ᠮᠧᠳᠠᠯ ᠤᠨ ᠲᠥᠯᠥᠭᠡ ᠥᠷᠢᠰᠦᠯᠳᠦᠵᠦ᠂ ᠰᠢᠯᠭᠠᠷᠠᠭᠰᠠᠨ ᠰᠤᠷᠤᠭᠴᠢ ᠠᠴᠠ ᠪᠦᠷᠢᠳᠦᠭᠰᠡᠨ ᠭᠠᠯ ᠲᠣᠭᠯᠠᠯᠲᠠ ᠪᠠᠨ ᠰᠤᠮᠤᠨ ᠳᠤ ᠪᠠᠨ ᠬᠢᠪᠡ ᠃
ᠮᠠᠨ ᠤ ᠰᠤᠶᠤᠯ ᠤᠨ ᠲᠥᠪ ᠡᠴᠡ ᠵᠢᠯ ᠪᠦᠷᠢ ᠤᠯᠠᠮᠵᠢᠯᠠᠯ ᠪᠣᠯᠭᠠᠨ ᠶᠠᠪᠤᠭᠤᠯᠳᠠᠭ ︽ᠠᠯᠲᠠᠨ ᠨᠠᠮᠤᠷ︾ ᠤᠷᠠᠯᠢᠭ ᠤᠨ ᠨᠠᠭᠠᠳᠤᠮ ᠠᠴᠠ ᠰᠢᠯᠭᠠᠷᠠᠵᠤ᠂ ᠠᠪᠢᠶᠠᠰ ᠴᠢᠳᠠᠪᠤᠷᠢ ᠪᠠᠨ ᠨᠡᠭᠡᠭᠡᠭᠰᠡᠨ ᠣᠯᠠᠨ ᠰᠤᠷᠤᠭᠴᠢ ᠤᠯᠤᠰ᠂ ᠠᠶᠢᠮᠠᠭ᠂ ᠪᠥᠰᠡ ᠶᠢᠨ ᠲᠡᠮᠡᠴᠡᠭᠡᠨ ᠨᠦᠭᠦᠳ ᠲᠦ ᠠᠮᠵᠢᠯᠲᠠᠲᠠᠢ ᠣᠷᠣᠯᠴᠠᠵᠤ ᠪᠠᠶᠢᠭ᠎ᠠ᠃ ᠲᠤᠬᠠᠶᠢᠯᠠᠪᠠᠯ᠂ ᠠᠶᠢᠮᠠᠭ ᠤᠨ ᠵᠠᠰᠠᠭ ᠳᠠᠷᠤᠭ᠎ᠠ ᠶᠢᠨ ᠨᠡᠷᠡᠮᠵᠢᠲᠦ ︽ᠠᠪᠢᠶᠠᠰ︾ ᠤᠷᠤᠯᠳᠤᠭᠠᠨ ᠤ ᠪᠦᠵᠢᠭ ᠦᠨ ᠲᠥᠷᠥᠯ ᠳᠦ 3 ᠤᠳᠠᠭ᠎ᠠ ᠲᠡᠷᠢᠭᠦᠨ ᠪᠠᠶᠢᠷᠢ᠂ ᠪᠥᠰᠡ ᠶᠢᠨ ᠤᠷᠤᠯᠳᠤᠭᠠᠨ ᠠᠴᠠ 2 ᠠᠯᠲᠠᠨ ᠮᠧᠳᠠᠯ  ᠬᠦᠷᠲᠡᠵᠦ ᠪᠠᠶᠢᠭᠰᠠᠨ᠃ ᠮᠥᠨ ᠤᠯᠠᠭᠠᠨᠪᠠᠭᠠᠲᠤᠷ  ᠬᠤᠲᠠ ᠳᠤ ᠪᠣᠯᠤᠭᠰᠠᠨ ︽ᠭᠡᠭᠡᠨ ᠠᠯᠤᠰ ᠤᠨ ᠣᠳᠣᠳ︾ ᠬᠡᠦᠬᠡᠳ ᠦᠨ ᠨᠠᠭᠠᠳᠤᠮ ᠠᠴᠠ  ᠭᠤᠷᠪᠠᠨ ᠤᠳᠠᠭ᠎ᠠ ᠳᠠᠭᠤᠨ ᠤ ᠲᠥᠷᠥᠯ ᠳᠦ ᠲᠡᠷᠢᠭᠦᠨ ᠪᠠᠶᠢᠷᠢ᠂ ᠡᠷᠳᠡᠨᠢᠲᠦ ᠬᠤᠲᠠ ᠳᠤ ᠵᠣᠬᠢᠶᠠᠨ ᠪᠠᠶᠢᠭᠤᠯᠤᠭᠰᠠᠨ ᠬᠡᠦᠬᠡᠳ ᠦᠨ ᠤᠯᠤᠰ ᠤᠨ ᠤᠷᠤᠯᠳᠤᠭᠠᠨ ᠠᠴᠠ ᠮᠥᠩᠭᠥ᠂ ᠬᠦᠷᠡᠯ ᠮᠧᠳᠠᠯ ᠬᠦᠷᠲᠡᠭᠰᠡᠨ ᠰᠤᠷᠤᠭᠴᠢᠳ ᠪᠠᠶᠢᠭ᠎ᠠ ᠬᠡᠮᠡᠨ ᠨᠠᠷᠠᠨᠪᠤᠯᠠᠭ ᠰᠤᠮᠤ ᠶᠢᠨ ᠰᠤᠶᠤᠯ ᠤᠨ ᠲᠥᠪ ᠦᠨ ᠡᠷᠬᠢᠯᠡᠭᠴᠢ ᠷ∙ᠥᠯᠵᠡᠶᠢᠪᠠᠶᠠᠷ ᠬᠡᠯᠡᠯ᠎ᠡ᠃

ᠰᠡᠳᠬᠢᠭᠳᠡᠯ ᠦᠯᠡᠳᠡᠭᠡᠬᠦ