ᠴᠠᠬᠢᠮ ᠭᠡᠮᠲᠦ ᠬᠡᠷᠡᠭ ᠨᠡᠮᠡᠭᠳᠡᠵᠡᠢ  | News.MN

ᠴᠠᠬᠢᠮ ᠭᠡᠮᠲᠦ ᠬᠡᠷᠡᠭ ᠨᠡᠮᠡᠭᠳᠡᠵᠡᠢ 

ᠡᠨᠡ ᠣᠨ ᠤ 11 ᠳ᠋ᠤᠭᠡᠷ ᠰᠠᠷ᠎ᠠ ᠶᠢᠨ ᠪᠠᠶᠢᠳᠠᠯ ᠢᠶᠠᠷ ᠬᠣᠪᠳᠣ ᠠᠶᠢᠮᠠᠭ ᠤᠨ ᠫᠷᠣᠺᠦ᠋ᠷᠣᠷ ᠤᠨ ᠭᠠᠵᠠᠷ ᠲᠤ 26 ᠵᠠᠯᠢᠯᠠᠬᠤ ᠭᠡᠮᠲᠦ ᠬᠡᠷᠡᠭ ᠪᠦᠷᠢᠳᠬᠡᠨ ᠰᠢᠯᠭᠠᠵᠤ ᠪᠠᠶᠢᠨ᠎ᠠ᠃ ᠡᠭᠦᠨ ᠡᠴᠡ 13 ᠨᠢ ᠴᠠᠬᠢᠮ ᠤᠷᠴᠢᠨ ᠳᠤ ᠪᠤᠶᠤ ᠹᠠᠶᠢᠰᠪᠦ᠋ᠦᠺ ᠬᠠᠶ᠋ᠢᠭ ᠠᠰᠢᠭᠯᠠᠨ ᠢᠷᠭᠡᠳ ᠢ ᠯᠤᠶᠢᠪᠠᠷᠳᠠᠵᠤ᠂ ᠡᠳ᠋ ᠮᠥᠩᠭᠥᠨ ᠦ ᠬᠣᠬᠢᠷᠠᠯ ᠤᠴᠠᠷᠠᠭᠤᠯᠤᠭᠰᠠᠨ ᠲᠣᠬᠢᠶᠠᠯᠳᠤᠯ ᠪᠠᠶᠢᠭ᠎ᠠ ᠠᠵᠠᠢ᠃ ᠲᠡᠶᠢᠮᠦ ᠡᠴᠡ ᠬᠡᠨ ᠨᠢᠭᠡᠨ ᠴᠠᠬᠢᠮ ᠤᠷᠴᠢᠨ ᠳᠤ ᠮᠥᠩᠭᠥ ᠵᠢᠭᠡᠯᠡᠭᠡᠴᠢ ᠭᠡᠵᠦ ᠪᠠᠶᠢᠭ᠎ᠠ ᠲᠣᠬᠢᠶᠠᠯᠳᠤᠯ ᠳᠤ ᠶᠠᠭᠠᠷᠠᠨ ᠰᠢᠯᠵᠢᠭᠦᠯᠭᠡ ᠬᠢᠬᠦ ᠬᠡᠷᠡᠭ ᠦᠭᠡᠢ᠃ ᠲᠤᠬᠠᠢ ᠶᠢᠨ  ᠬᠦᠮᠦᠨ ᠲᠠᠢ ᠠᠭᠤᠯᠵᠠᠬᠤ᠂ ᠤᠲᠠᠰᠤ ᠪᠠᠷ ᠶᠠᠷᠢᠵᠤ ᠪᠠᠲᠤᠯᠠᠭᠠᠵᠢᠭᠤᠯᠬᠤ ᠨᠢ ᠴᠢᠬᠤᠯᠠ ᠭᠡᠵᠦ ᠬᠤᠯᠪᠤᠭᠳᠠᠬᠤ ᠮᠡᠷᠭᠡᠵᠢᠯᠲᠡᠳ ᠠᠩᠬᠠᠷᠤᠭᠤᠯᠤᠯ᠎ᠠ᠃
ᠮᠥᠨ ᠢᠷᠭᠡᠨ ᠦ ᠬᠠᠶ᠋ᠢᠭ ᠤᠷᠤᠭᠤ  ᠨᠡᠪᠲᠡᠷᠡᠵᠦ᠂ ᠲᠠᠨᠢᠯ ᠬᠦᠮᠦᠰ ᠡᠴᠡ ᠨᠢ ᠮᠥᠩᠭᠥ ᠭᠤᠶᠤᠭᠠᠳ ᠪᠠᠶᠢᠭ᠎ᠠ ᠭᠡᠮᠲᠦ ᠬᠡᠷᠡᠭ ᠢ ᠦᠢᠯᠡᠳᠬᠦ ᠳᠦ ᠪᠡᠨ ᠲᠦᠷᠦᠭᠰᠡᠨ ᠣᠨ᠂ ᠰᠠᠷ᠎ᠠ᠂ ᠡᠳᠦᠷ ᠡᠰᠡᠪᠡᠯ ᠤᠲᠠᠰᠤᠨ ᠤ ᠳ᠋ᠤᠭᠠᠷ ᠲᠠᠭᠠᠷᠠᠭᠤᠯᠳᠠᠭ᠃ ᠨᠡᠪᠲᠡᠷᠡᠬᠦ ᠨᠡᠷ᠎ᠡ ᠨᠢ ᠨᠢᠭᠤᠴᠠ ᠦᠭᠡ ᠲᠡᠢ ᠪᠡᠨ ᠠᠳᠠᠯᠢᠬᠠᠨ ᠪᠣᠯ ᠡᠭᠦᠨ ᠢ ᠪᠦᠭᠦᠳᠡ ᠠᠦ᠋ᠲ᠋ᠣᠮᠠᠲ ᠢᠶᠠᠷ ᠲᠠᠭᠠᠷᠠᠭᠤᠯᠤᠭᠠᠳ ᠬᠦᠮᠦᠨ ᠦ ᠬᠠᠶ᠋ᠢᠭ ᠤᠷᠤᠭᠤ ᠨᠢᠭᠤᠴᠠ ᠪᠠᠷ ᠣᠷᠣᠳᠠᠭ᠃ ᠲᠡᠶᠢᠮᠦ ᠡᠴᠡ ᠢᠷᠭᠡᠳ ᠥᠪᠡᠷᠰᠡᠳ ᠢᠶᠡᠨ ᠴᠢᠨᠠᠷ ᠦᠭᠡᠢ ᠬᠠᠮᠠᠭᠠᠯᠠᠯᠲᠠ ᠬᠢᠬᠦ ᠦᠭᠡᠢ ᠪᠠᠶᠢᠬᠤ ᠬᠡᠷᠡᠭᠲᠡᠢ ᠭᠡᠯ᠎ᠡ᠃

ᠰᠡᠳᠬᠢᠭᠳᠡᠯ ᠦᠯᠡᠳᠡᠭᠡᠬᠦ