ᠠᠦᠢᠰᠲᠷᠠᠯᠢᠶ᠎ᠠ᠂ ᠮᠣᠩᠭᠣᠯ ᠮᠧᠲ᠋ᠠᠨ ᠬᠡᠢ ᠪᠡᠷ ᠬᠠᠮᠲᠤᠷᠠᠬᠤ ᠪᠣᠯᠤᠮᠵᠢ ᠲᠠᠢ  | News.MN

ᠠᠦᠢᠰᠲᠷᠠᠯᠢᠶ᠎ᠠ᠂ ᠮᠣᠩᠭᠣᠯ ᠮᠧᠲ᠋ᠠᠨ ᠬᠡᠢ ᠪᠡᠷ ᠬᠠᠮᠲᠤᠷᠠᠬᠤ ᠪᠣᠯᠤᠮᠵᠢ ᠲᠠᠢ 

ᠡᠷᠴᠢᠮ ᠬᠦᠴᠦᠨ ᠦ ᠰᠠᠶᠢᠳ ᠴ∙ᠳᠠᠸᠠᠰᠦ᠋ᠷᠦᠩ ᠠᠦᠢᠰᠲᠷᠠᠯᠢᠶ᠎ᠠ ᠤᠯᠤᠰ ᠠᠴᠠ ᠮᠣᠩᠭᠣᠯ ᠤᠯᠤᠰ ᠲᠤ ᠰᠠᠭᠤᠭ᠎ᠠ ᠡᠯᠴᠢᠨ ᠰᠠᠶᠢᠳ ᠳ᠋ᠠᠶᠢᠸᠢ ᠸᠣᠰᠦᠨ ᠢ ᠬᠦᠯᠢᠶᠡᠨ ᠠᠪᠴᠤ ᠠᠭᠤᠯᠵᠠᠪᠠ᠃ ᠨᠣᠶᠠᠨ ᠡᠯᠴᠢᠨ ᠰᠠᠶᠢᠳ ᠳ᠋ᠠᠶᠢᠸᠢ ᠸᠣᠰᠦᠨ᠄ ᠠᠦᠢᠰᠲᠷᠠᠯᠢᠶ᠎ᠠ᠂ ᠮᠣᠩᠭᠣᠯ ᠬᠣᠶᠠᠷ ᠤᠯᠤᠰ ᠨᠢ ᠠᠭᠤᠯᠠ ᠠᠭᠤᠷᠬᠠᠢ ᠶᠢᠨ ᠰᠠᠯᠪᠤᠷᠢ ᠳᠤ ᠬᠠᠮᠲᠤ ᠶᠢᠨ ᠠᠵᠢᠯᠯᠠᠭ᠎ᠠ ᠲᠠᠢ᠂ ᠳᠡᠯᠡᠬᠡᠢ ᠶᠢᠨ ᠵᠠᠬ᠎ᠠ ᠵᠡᠭᠡᠯᠢ ᠳᠡᠭᠡᠷ᠎ᠡ ᠨᠡᠭᠦᠷᠡᠰᠦᠨ ᠦ ᠰᠠᠯᠪᠤᠷᠢ ᠳᠤ ᠦᠷᠢᠰᠦᠯᠳᠦᠬᠦᠶᠢᠴᠡ ᠣᠷᠣᠨ ᠨᠤᠭᠤᠳ ᠭᠡᠳᠡᠭ ᠢ ᠣᠨᠴᠠᠯᠠᠭᠠᠳ ᠴᠢᠨᠠᠭᠰᠢᠳᠠ ᠪᠠᠨ ᠨᠡᠭᠦᠷᠡᠰᠦᠨ ᠦ ᠡᠷᠴᠢᠮ ᠬᠦᠴᠦ ᠶᠢ ᠳᠠᠩ ᠢᠶᠠᠷ ᠨᠢ ᠪᠤᠰᠤ ᠰᠡᠷᠭᠦᠭᠡᠭᠳᠡᠬᠦ ᠡᠷᠴᠢᠮ  ᠬᠦᠴᠦ ᠲᠠᠢ ᠬᠣᠣᠰᠯᠠᠭᠤᠯᠤᠨ ᠬᠥᠭᠵᠢᠭᠦᠯᠬᠦ ᠨᠢ ᠵᠦᠢᠲᠡᠢ ᠲᠠᠯ᠎ᠠ ᠪᠠᠷ ᠲᠡᠮᠳᠡᠭᠯᠡᠪᠡ᠃ ᠮᠥᠨ ᠪᠠᠶᠢᠭᠠᠯᠢ ᠶᠢᠨ ᠬᠡᠢ᠂ ᠨᠡᠭᠦᠷᠡᠰᠦᠨ ᠦ ᠳᠠᠪᠬᠤᠷᠭ᠎ᠠ ᠶᠢᠨ ᠮᠧᠲ᠋ᠠᠨ ᠬᠡᠢ ᠶᠢᠨ ᠴᠢᠭᠯᠡᠯ ᠢᠶᠡᠷ ᠠᠷᠪᠢᠨ ᠲᠤᠷᠰᠢᠯᠭ᠎ᠠ ᠲᠠᠢ ᠤᠯᠤᠰ ᠤᠨ ᠬᠤᠪᠢ ᠳᠤ ᠡᠨᠡ ᠴᠢᠭᠯᠡᠯ ᠢᠶᠡᠷ ᠬᠠᠮᠲᠤᠷᠠᠵᠤ ᠠᠵᠢᠯᠯᠠᠬᠤ ᠪᠣᠯᠤᠮᠵᠢ ᠲᠠᠢ ᠶᠢ ᠣᠨᠴᠠᠯᠠᠯ᠎ᠠ᠃
ᠡᠷᠴᠢᠮ ᠬᠦᠴᠦᠨ ᠦ ᠰᠠᠶᠢᠳ ᠴ∙ᠳᠠᠸᠠᠰᠦ᠋ᠷᠦᠩ ᠰᠢᠨ᠎ᠡ ᠪᠡᠷ ᠲᠣᠮᠢᠯᠠᠭᠳᠠᠭᠰᠠᠨ ᠡᠯᠴᠢᠨ ᠰᠠᠶᠢᠳ ᠲᠤ ᠪᠠᠶᠠᠷ ᠬᠦᠷᠭᠡᠵᠦ᠂ ᠡᠮᠦᠨ᠎ᠡ ᠶᠢᠨ ᠪᠥᠰᠡ ᠪᠣᠯᠤᠨ ᠤᠭ᠍ᠶᠤᠲᠤᠯᠤᠭᠠᠢ᠂ ᠲᠠᠪᠤᠨᠲᠣᠯᠣᠭᠠᠢ ᠵᠡᠷᠭᠡ ᠠᠭᠤᠯᠠ ᠠᠭᠤᠷᠬᠠᠢ ᠶᠢᠨ ᠲᠣᠮᠣᠬᠠᠨ ᠣᠷᠳᠣ ᠭᠠᠵᠠᠷ ᠤᠨ ᠡᠷᠴᠢᠮ ᠬᠦᠴᠦᠨ ᠦ ᠬᠡᠷᠡᠭᠯᠡᠭᠡ ᠶᠢ ᠨᠠᠶᠢᠳᠠᠪᠤᠷᠢᠲᠠᠢ ᠬᠠᠩᠭᠠᠬᠤ ᠵᠣᠷᠢᠯᠭ᠎ᠠ ᠪᠦᠬᠦᠢ ︽ᠲᠠᠪᠤᠨᠲᠣᠯᠣᠭᠠᠢ ᠳᠤᠯᠠᠭᠠᠨ ᠤ ᠴᠠᠬᠢᠯᠭᠠᠨ ᠰᠲ᠋ᠠᠨᠼ︾᠍ ᠤᠨ ᠲᠠᠯ᠎ᠠ ᠪᠠᠷ ᠲᠠᠨᠢᠯᠴᠠᠭᠤᠯᠪᠠ᠃ ᠮᠣᠩᠭᠣᠯ ᠤᠯᠤᠰ ᠤᠨ ᠵᠠᠰᠠᠭ ᠤᠨ ᠭᠠᠵᠠᠷ ᠲᠠᠢ ᠪᠠᠶᠢᠭᠤᠯᠤᠭᠰᠠᠨ ᠭᠡᠷ᠎ᠡ ᠶᠢᠨ ᠳᠠᠭᠠᠤ ᠷᠢᠤ᠋ ᠲᠢᠨᠲ᠋ᠤ᠋ ᠺᠣᠮᠫᠠᠨᠢ ᠲᠤᠰ ᠰᠲ᠋ᠠᠨᠼ ᠢ 2023 ᠣᠨ ᠭᠡᠬᠦ ᠳᠦ ᠠᠰᠢᠭᠯᠠᠯᠲᠠ ᠳᠤ ᠬᠦᠯᠢᠶᠡᠯᠭᠡᠨ ᠥᠭᠬᠦ ᠠᠵᠢᠯ ᠰᠠᠭᠠᠲᠠᠬᠤ ᠶᠣᠰᠣ ᠦᠭᠡᠢ ᠶᠢ ᠡᠷᠴᠢᠮ ᠬᠦᠴᠦᠨ ᠦ ᠰᠠᠶᠢᠳ ᠣᠨᠴᠠᠯᠠᠭᠰᠠᠨ᠃

ᠰᠡᠳᠬᠢᠭᠳᠡᠯ ᠦᠯᠡᠳᠡᠭᠡᠬᠦ