ᠪ∙ᠰᠢᠷᠠᠪ ᠠᠭᠰᠠᠨ ᠳᠦ ᠵᠣᠷᠢᠭᠤᠯᠤᠭᠰᠠᠨ ᠵᠢᠷᠤᠭ ᠤᠨ ᠦᠵᠡᠰᠬᠦᠯᠡᠩ ᠭᠠᠷᠤᠨ᠎ᠠ  | News.MN

ᠪ∙ᠰᠢᠷᠠᠪ ᠠᠭᠰᠠᠨ ᠳᠦ ᠵᠣᠷᠢᠭᠤᠯᠤᠭᠰᠠᠨ ᠵᠢᠷᠤᠭ ᠤᠨ ᠦᠵᠡᠰᠬᠦᠯᠡᠩ ᠭᠠᠷᠤᠨ᠎ᠠ 

ᠮᠣᠩᠭᠣᠯ ᠤᠯᠤᠰ ᠤᠨ ᠲᠥᠷᠥ ᠶᠢᠨ ᠱᠠᠩᠨᠠᠯᠲᠤ᠂ ᠤᠷᠠᠯᠢᠭ ᠤᠨ ᠭᠠᠪᠢᠶᠠᠲᠤ ᠵᠢᠳᠬᠦᠯᠲᠡᠨ᠂ ︽ᠴᠢᠩᠭᠢᠰ ᠬᠠᠭᠠᠨ︾ ᠤᠳᠤᠨᠲᠤ ᠂ ᠨᠡᠷᠡᠲᠦ ᠬᠥᠭᠵᠢᠮ ᠦᠨ ᠵᠣᠬᠢᠶᠠᠯᠴᠢ ᠪ∙ᠰᠢᠷᠠᠪ ᠠᠭᠰᠠᠨ ᠤ ᠮᠡᠨᠳᠦᠯᠡᠭᠰᠡᠨ ᠡᠳᠦᠷ ᠥᠨᠥᠳᠥᠷ ᠲᠣᠬᠢᠶᠠᠵᠤ ᠪᠠᠶᠢᠨ᠎ᠠ᠃ ᠡᠷᠬᠢᠮ ᠬᠥᠮᠥᠨ ᠦ ᠮᠡᠨᠳᠦᠯᠡᠭᠰᠡᠨ ᠡᠳᠦᠷ ᠢᠶᠡᠷ ᠨᠢᠭᠡᠨ ᠲᠠᠭᠠᠲᠠᠢ ᠮᠡᠳᠡᠭᠡ ᠶᠢ  ᠳᠤᠭᠤᠯᠭᠠᠬᠤ ᠳᠤ ᠡᠨᠡ ᠰᠠᠷ᠎ᠠ ᠶᠢᠨ 23 ᠳᠦ ︽ᠪᠣᠳᠣᠯ ᠤᠨ ᠢᠯᠡᠭᠡᠮᠵᠢ ᠂ ᠪ∙ᠰᠢᠷᠠᠪ︾ ᠨᠡᠷ᠎ᠡ ᠲᠡᠢ ᠬᠥᠭᠵᠢᠮ᠂ ᠤᠷᠠᠨ ᠵᠢᠷᠤᠭ ᠤᠨ ᠪᠦᠲᠦᠭᠡᠯ ᠦᠨ ᠦᠵᠡᠰᠬᠦᠯᠡᠩ ᠨᠡᠭᠡᠭᠡᠯᠲᠡ ᠪᠡᠨ ᠬᠢᠬᠦ ᠭᠡᠵᠦ ᠪᠠᠶᠢᠭ᠎ᠠ ᠠᠵᠠᠢ᠃ ᠵᠠᠯᠠᠭᠤ ᠵᠢᠷᠤᠭᠠᠴᠢ ᠲ∙ᠬᠤᠯᠠᠨ ᠬᠥᠭᠵᠢᠮ ᠦᠨ ᠵᠣᠬᠢᠶᠠᠯᠴᠢ ᠶᠢ ᠰᠡᠷᠢᠭᠦᠨ ᠲᠤᠩᠭᠠᠯᠠᠭ ᠠᠬᠤᠢ ᠳᠤ ᠡᠨᠡᠬᠦ ᠤᠷᠠᠨ ᠪᠦᠲᠦᠭᠡᠯ ᠦᠨ ᠦᠵᠡᠰᠭᠦᠯᠡᠩ ᠢᠶᠡᠨ ᠭᠠᠷᠭᠠᠬᠤ ᠪᠠᠷ ᠪᠡᠯᠡᠳᠬᠡᠯ ᠠᠵᠢᠯ ᠢᠶᠠᠨ ᠡᠬᠢᠯᠡᠭᠰᠡᠨ ᠶᠤᠮ ᠪᠠᠶᠢᠨ᠎ᠠ᠃ ᠲᠡᠷᠡ ᠪᠡᠷ ᠪ∙ᠰᠢᠷᠠᠪ ᠠᠭᠰᠠᠨ ᠤ ᠪᠦᠲᠦᠭᠡᠯ ᠲᠤᠭᠤᠷᠪᠢᠯ ᠤᠳ ᠠᠴᠠ ᠠᠷᠠᠳ ᠲᠦᠮᠡᠨ ᠦ ᠵᠢᠷᠦᠬᠡ ᠰᠡᠳᠬᠢᠯ ᠳᠦ ᠬᠣᠨᠣᠭᠰᠢᠭᠰᠠᠨ᠂ ᠦᠨᠳᠦᠰᠦᠨ ᠦ ᠬᠢᠭᠡᠳ ᠳᠡᠯᠡᠬᠡᠢ ᠶᠢᠨ ᠰᠣᠩᠭᠣᠳᠠᠭ ᠬᠥᠭᠵᠢᠮ ᠦᠨ ᠰᠠᠩ ᠳᠤ ᠵᠦᠢ ᠶᠣᠰᠣᠭᠠᠷ ᠪᠠᠭᠲᠠᠭᠰᠠᠨ ᠪᠦᠲᠦᠭᠡᠯ ᠦᠳ ᠢ ᠨᠢ ᠰᠣᠩᠭᠣᠨ ᠤᠷᠠᠨ ᠵᠢᠷᠤᠭ ᠵᠢᠷᠤᠭᠰᠠᠨ  ᠪᠠᠶᠢᠨ᠎ᠠ᠃ ᠡᠶᠢᠨ ᠬᠦ ︽ᠰᠡᠳᠬᠢᠯ ᠦᠨ ᠡᠭᠡᠰᠢᠭ︾᠍ ᠢ ᠳᠠᠭᠤᠷᠢᠰᠬᠠᠨ ᠲᠤᠭᠤᠷᠪᠢᠭᠴᠢ ᠰᠤᠤᠲᠠᠨ ᠤ ᠭᠠᠶᠢᠬᠠᠮᠰᠢᠭᠲᠤ ᠠᠶᠠᠯᠭᠤ ᠨᠤᠭᠤᠳ ᠤᠷᠠᠨ ᠵᠢᠷᠤᠭ ᠲᠠᠢ ᠬᠡᠷᠬᠢᠨ ᠵᠣᠬᠢᠴᠠᠨ ᠠᠭᠤᠰᠬᠤ ᠶᠢ ᠤᠷᠠᠯᠢᠭ ᠲᠤ ᠬᠠᠶᠢᠷᠠᠲᠠᠢ ᠣᠯᠠᠨ ᠲᠦᠮᠡᠨ ᠤᠳᠠᠬᠤ ᠦᠭᠡᠢ ᠬᠠᠷᠠᠬᠤ ᠨᠢ᠃

ᠰᠡᠳᠬᠢᠭᠳᠡᠯ ᠦᠯᠡᠳᠡᠭᠡᠬᠦ