ᠲᠤᠰᠠᠯᠠᠬᠤ ᠮᠠᠯᠴᠢᠨ ᠪᠦᠯᠦᠭᠯᠡᠨ ᠬᠤᠯᠠᠭᠠᠢ ᠬᠢᠳᠡᠭ ᠪᠠᠶᠢᠵᠠᠢ  | News.MN

 ᠲᠤᠰᠠᠯᠠᠬᠤ ᠮᠠᠯᠴᠢᠨ ᠪᠦᠯᠦᠭᠯᠡᠨ ᠬᠤᠯᠠᠭᠠᠢ ᠬᠢᠳᠡᠭ ᠪᠠᠶᠢᠵᠠᠢ 

ᠰᠦᠬᠡᠪᠠᠭᠠᠲᠤᠷ ᠠᠶᠢᠮᠠᠭ ᠲᠤ ᠣᠲᠣᠷ ᠢᠶᠠᠷ ᠨᠤᠲᠤᠭᠯᠠᠵᠤ ᠪᠠᠶᠢᠭᠰᠠᠨ ᠠᠳᠤᠭᠤᠴᠢᠨ ᠤ ᠲᠤᠰᠠᠯᠠᠬᠤ ᠮᠠᠯᠴᠢᠨ ᠢᠶᠠᠷ ᠠᠵᠢᠯᠯᠠᠵᠤ ᠪᠠᠶᠢᠭᠰᠠᠨ ᠲᠥᠪ ᠠᠶᠢᠮᠠᠭ ᠤᠨ ᠬᠠᠷᠢᠶᠠᠲᠤ m ᠨᠢ ᠪᠤᠰᠤᠳ ᠲᠠᠢ ᠪᠦᠯᠦᠭᠯᠡᠨ ᠪᠤᠰᠤᠳ ᠤᠨ 20 ᠭᠠᠷᠤᠢ ᠠᠳᠤᠭᠤ᠂ ᠮᠥᠩᠬᠡᠬᠠᠨ ᠰᠤᠮᠤ ᠠᠴᠠ ᠬᠣᠶᠠᠷ ᠮᠣᠲ᠋ᠣᠼᠢᠺᠠᠯ ᠬᠤᠯᠠᠭᠠᠶᠢᠯᠠᠵᠠᠢ᠃ ᠡᠨᠡᠬᠦ ᠬᠡᠷᠡᠭ ᠢ ᠮᠥᠩᠬᠡᠬᠠᠨ ᠰᠤᠮᠤ ᠳ᠋ᠡᠬᠢ ᠰᠤᠮᠤ ᠳᠤᠮᠳᠠ ᠶᠢᠨ ᠴᠠᠭᠳᠠᠭ᠎ᠠ ᠶᠢᠨ ᠬᠡᠰᠡᠭ ᠦᠨ ᠠᠯᠪᠠ ᠬᠠᠭᠠᠭᠴᠢᠳ ᠢᠯᠡᠷᠡᠭᠦᠯᠦᠨ ᠬᠣᠯᠪᠣᠭᠳᠠᠬᠤ ᠰᠢᠯᠭᠠᠯᠲᠠ ᠶᠢ ᠬᠢᠵᠦ ᠪᠠᠶᠢᠨ᠎ᠠ᠃
m ᠨᠢ ᠤᠭ ᠬᠡᠷᠡᠭ ᠢᠶᠡᠨ ᠥᠩᠭᠡᠷᠡᠭᠰᠡᠨ ᠳᠣᠯᠣᠳᠤᠭᠠᠷ ᠰᠠᠷ᠎ᠠ ᠠᠴᠠ ᠡᠬᠢᠯᠡᠭᠦᠯᠦᠭᠰᠡᠨ ᠪᠥᠭᠡᠳ ᠪᠤᠰᠤᠳ ᠤᠨ ᠠᠳᠤᠭᠤ ᠶᠢ ᠬᠡᠰᠡᠭ ᠬᠡᠰᠡᠭ ᠢᠶᠡᠷ ᠨᠢ ᠬᠤᠯᠠᠭᠠᠶᠢᠯᠠᠵᠤ ᠲᠡᠭᠡᠭᠡᠪᠦᠷᠢᠯᠡᠳᠡᠭ ᠪᠠᠶᠢᠵᠠᠢ᠃ ᠭᠡᠮᠲᠦ ᠬᠡᠷᠡᠭ ᠦᠨ ᠤᠯᠠᠮ ᠠᠴᠠ ᠮᠠᠯᠴᠢᠨ ᠪᠣᠯᠤᠨ ᠢᠷᠭᠡᠳ ᠲᠦ 25 ᠰᠠᠶ᠎ᠠ ᠲᠥᠭᠥᠷᠢᠭ ᠦᠨ ᠬᠣᠬᠢᠷᠠᠯ ᠤᠴᠠᠷᠠᠵᠠᠢ᠃ ᠲᠡᠶᠢᠮᠦ ᠡᠴᠡ ᠢᠷᠭᠡᠳ ᠪᠣᠯᠤᠨ ᠮᠠᠯᠴᠢᠳ ᠢ ᠲᠤᠰᠠᠯᠠᠬᠤ ᠮᠠᠯᠴᠢᠨ ᠠᠵᠢᠯ ᠳᠤ ᠠᠪᠬᠤ ᠳᠤ ᠪᠠᠨ ᠰᠠᠶᠢᠲᠤᠷ ᠰᠤᠳᠤᠯᠵᠤ ᠰᠢᠯᠭᠠᠬᠤ᠂ ᠥᠪᠡᠷᠰᠡᠳ ᠦᠨ ᠲᠠᠨᠢᠵᠤ ᠮᠡᠳᠡᠳᠡᠭ ᠬᠦᠮᠦᠨ ᠳᠦ ᠮᠠᠯ᠂ ᠡᠳ᠋ ᠬᠥᠷᠥᠩᠭᠡ ᠪᠡᠨ ᠳᠠᠭᠠᠳᠬᠠᠬᠤ ᠬᠡᠷᠡᠭᠲᠡᠢ ᠶᠢ ᠴᠠᠭᠳᠠᠭ᠎ᠠ ᠶᠢᠨ ᠭᠠᠵᠠᠷ ᠠᠴᠠ ᠠᠩᠬᠠᠷᠤᠭᠤᠯᠤᠯ᠎ᠠ᠃

ᠰᠡᠳᠬᠢᠭᠳᠡᠯ ᠦᠯᠡᠳᠡᠭᠡᠬᠦ