ᠬᠠᠶᠠᠭᠳᠠᠯ ᠬᠥᠷᠥᠭᠡᠭᠴᠢ ᠶᠢ ᠨᠣᠮ ᠤᠨ ᠰᠠᠩ ᠪᠣᠯᠭᠠᠵᠠᠢ  | News.MN

ᠬᠠᠶᠠᠭᠳᠠᠯ ᠬᠥᠷᠥᠭᠡᠭᠴᠢ ᠶᠢ ᠨᠣᠮ ᠤᠨ ᠰᠠᠩ ᠪᠣᠯᠭᠠᠵᠠᠢ 

ᠰᠦᠬᠡᠪᠠᠭᠠᠲᠤᠷ ᠠᠶᠢᠮᠠᠭ ᠤᠨ ᠮᠥᠩᠬᠡᠬᠠᠨ ᠰᠤᠮᠤ ᠶᠢᠨ ᠰᠤᠶᠤᠯ ᠤᠨ ᠲᠥᠪ ᠦᠨ ᠨᠣᠮ ᠤᠨ ᠰᠠᠩᠴᠢ ᠠᠰᠢᠭᠯᠠᠭᠳᠠᠬᠤ ᠦᠭᠡᠢ ᠪᠣᠯᠤᠭᠰᠠᠨ ᠬᠥᠷᠥᠭᠡᠭᠴᠢ ᠶᠢ ᠨᠣᠮ ᠤᠨ ᠰᠠᠩ ᠪᠣᠯᠭᠠᠵᠠᠢ᠃ ᠲᠡᠳᠡ ᠡᠪᠳᠡᠷᠡᠭᠰᠡᠨ ᠬᠥᠷᠥᠭᠡᠭᠴᠢ ᠶᠢ ᠬᠡᠦᠬᠡᠳ ᠦᠨ ᠠᠩᠬᠠᠷᠤᠯ ᠰᠣᠨᠢᠷᠬᠠᠯ ᠢ ᠲᠠᠲᠠᠬᠤᠶᠢᠴᠠ ᠥᠩᠭᠡ ᠵᠠᠭᠪᠤᠷ ᠲᠠᠢ ᠪᠣᠯᠭᠠᠨ ᠵᠠᠰᠠᠪᠤᠷᠢᠯᠠᠵᠤ ᠂ ᠳᠣᠲᠣᠷ᠎ᠠ ᠨᠢ ᠨᠣᠮ ᠢᠶᠠᠨ ᠪᠠᠶᠢᠷᠢᠯᠠᠭᠤᠯᠤᠨ ᠶᠠᠪᠤᠭᠤᠯ ᠤᠨ ᠨᠣᠮ ᠤᠨ ᠰᠠᠩ ᠬᠡᠯᠪᠡᠷᠢ ᠪᠡᠷ ᠠᠰᠢᠭᠯᠠᠵᠤ ᠡᠬᠢᠯᠡᠭᠰᠡᠨ ᠪᠠᠶᠢᠨ᠎ᠠ᠃ ᠨᠣᠮ ᠤᠨ ᠰᠠᠩ ᠤᠨ ᠠᠩᠬᠠᠨ ᠤ ᠠᠶᠠᠯᠠᠯ ᠰᠤᠮᠤ ᠶᠢᠨ ᠳᠣᠲᠣᠭᠤᠷ ᠪᠠᠶᠢᠷᠢᠨ ᠠᠴᠠ ᠡᠬᠢᠯᠡᠵᠡᠢ᠃ ᠡᠨᠡ ᠨᠣᠮ ᠤᠨ ᠰᠠᠩ ᠳᠤ ᠲᠠᠨᠢᠨ ᠮᠡᠳᠡᠬᠦᠢ ᠶᠢᠨ᠂ ᠲᠡᠦᠬᠡ ᠰᠤᠶᠤᠯ ᠤᠨ᠂ ᠤᠷᠠᠨ ᠵᠣᠬᠢᠶᠠᠯ ᠤᠨ᠂ ᠦᠯᠢᠭᠡᠷ ᠦᠨ ᠭᠡᠳ ᠬᠡᠦᠬᠡᠳ ᠦᠳ ᠦᠨ ᠨᠠᠰᠤ ᠰᠡᠳᠬᠢᠬᠦᠢ ᠳᠦ ᠲᠣᠬᠢᠷᠠᠭᠰᠠᠨ ᠪᠦᠬᠦᠢ ᠯᠠ ᠨᠤᠮ ᠪᠤᠢ᠃ ᠲᠡᠶᠢᠮᠦ ᠴᠤ ᠤᠴᠢᠷ ᠠᠴᠠ ᠳᠣᠲᠣᠭᠤᠷ ᠪᠠᠶᠢᠷᠢᠨ ᠤ ᠰᠤᠷᠤᠭᠴᠢᠳ ᠨᠣᠮ ᠤᠨ ᠰᠠᠩ ᠢᠶᠠᠷ ᠮᠠᠰᠢ ᠢᠳᠡᠪᠬᠢᠲᠡᠢ ᠦᠢᠯᠡᠴᠢᠯᠡᠭᠦᠯᠵᠦ ᠪᠠᠶᠢᠭ᠎ᠠ  ᠠᠵᠠᠢ᠃
ᠡᠪᠳᠡᠷᠡᠵᠦ᠂ ᠬᠠᠶᠠᠭᠰᠠᠨ ᠬᠦᠷᠦᠭᠡᠭᠴᠢ ᠬᠠᠮᠢᠭ᠎ᠠ ᠰᠠᠢ ᠦᠭᠡᠢ ᠪᠠᠶᠢᠳᠠᠭ᠃ ᠬᠠᠷᠢᠨ ᠲᠡᠳᠡᠨ ᠢ ᠡᠶᠢᠨ ᠬᠦ ᠵᠥᠪ ᠠᠰᠢᠭᠯᠠᠵᠤ ᠴᠢᠳᠠᠪᠠᠯ ᠬᠥᠷᠥᠩᠭᠡ ᠮᠥᠩᠭᠥ ᠱᠠᠭᠠᠷᠳᠠᠬᠤ ᠦᠭᠡᠢ᠂ ᠨᠥᠭᠥᠭᠡ ᠲᠠᠯ᠎ᠠ ᠪᠠᠷ ᠢᠶᠠᠨ ᠣᠯᠠᠨ ᠤ ᠠᠩᠬᠠᠷᠤᠯ ᠢ ᠲᠠᠲᠠᠭᠰᠠᠨ ᠵᠦᠢᠯ ᠬᠢᠵᠦ ᠪᠣᠯᠳᠠᠭ ᠤᠨ ᠡᠩ ᠦᠨ ᠵᠢᠱᠢᠶ᠎ᠡ ᠡᠨᠡ᠃ ᠢᠯᠠᠩᠭᠤᠶ᠎ᠠ ᠡᠶᠢᠮᠦ ᠨᠣᠮ ᠤᠨ ᠰᠠᠩ ᠣᠯᠠᠨ ᠢ ᠬᠢᠭᠡᠳ ᠠᠩᠭᠢ ᠲᠠᠩᠬᠢᠮ ᠳᠤ ᠪᠠᠨ ᠴᠢᠨᠠᠭᠰᠢᠯᠠᠭᠠᠳ ᠰᠤᠮᠤ᠂ ᠠᠶᠢᠮᠠᠭ ᠣᠷᠣᠨ ᠨᠤᠲᠤᠭ ᠤᠨ ᠢᠶᠠᠨ ᠣᠯᠠᠨ ᠨᠡᠶᠢᠲᠡ ᠶᠢᠨ ᠭᠠᠵᠠᠷ᠂ ᠭᠤᠳᠤᠮᠵᠢ ᠲᠠᠯᠠᠪᠠᠢ ᠳᠤ ᠪᠠᠶᠢᠷᠢᠯᠠᠭᠤᠯᠪᠠᠯ ᠨᠣᠮ ᠤᠩᠰᠢᠬᠤ ᠰᠡᠳᠦᠯ ᠲᠥᠷᠥᠭᠦᠯᠬᠦ᠂ ᠪᠤᠰᠤᠳ ᠤᠨ ᠣᠶᠤᠨ ᠳᠤ ᠣᠷᠣᠭᠤᠯᠵᠤ ᠪᠤᠢ ᠲᠣᠮᠣ ᠬᠥᠷᠥᠩᠭᠡ ᠣᠷᠣᠭᠤᠯᠤᠯᠲᠠ ᠶᠢᠨ ᠠᠵᠢᠯ ᠪᠣᠯᠬᠤ ᠶᠤᠮ᠃

ᠰᠡᠳᠬᠢᠭᠳᠡᠯ ᠦᠯᠡᠳᠡᠭᠡᠬᠦ