ᠲᠦᠭᠦᠷᠢᠭ ᠦᠨ ᠲᠥᠯᠥᠪᠦᠷᠢ ᠶᠢᠨ ᠺᠠᠷᠲ ᠢ  ᠰᠢᠨᠡᠴᠢᠯᠡᠨ᠎ᠡ | News.MN

 ᠲᠦᠭᠦᠷᠢᠭ ᠦᠨ ᠲᠥᠯᠥᠪᠦᠷᠢ ᠶᠢᠨ ᠺᠠᠷᠲ ᠢ  ᠰᠢᠨᠡᠴᠢᠯᠡᠨ᠎ᠡ

ᠮᠣᠩᠭᠣᠯ ᠪᠠᠩᠬᠢ ᠨᠢ ᠲᠥᠯᠥᠪᠦᠷᠢ ᠶᠢᠨ ᠰᠢᠰᠲ᠋ᠧᠮ ᠢ ᠬᠥᠭᠵᠢᠭᠦᠯᠬᠦ ᠵᠣᠷᠢᠯᠭ᠎ᠠ  ᠪᠠᠷ ᠠᠽᠢᠶ᠎ᠠ ᠶᠢᠨ ᠬᠥᠭᠵᠢᠯ ᠦᠨ ᠪᠠᠩᠬᠢ ᠲᠠᠢ ᠬᠠᠮᠲᠤᠷᠠᠨ ︽ᠲᠥᠯᠥᠪᠦᠷᠢ ᠶᠢᠨ ᠰᠢᠰᠲ᠋ᠧᠮ ᠦᠨ ᠰᠢᠨᠡᠴᠢᠯᠡᠯ ᠲᠥᠰᠥᠯ︾ ᠍ ᠦᠨ ᠬᠦᠷᠢᠶᠡᠨ ᠳᠦ ᠲᠥᠯᠥᠪᠦᠷᠢ ᠶᠢᠨ ᠲᠦᠭᠦᠷᠢᠭ ᠺᠠᠷᠲ ᠢ ᠲᠧᠭᠨᠣᠯᠣᠭᠢ ᠶᠢᠨ ᠳᠠᠷᠠᠭ᠎ᠠ ᠶᠢᠨ ᠱᠠᠲᠤᠨ ᠳᠤ ᠭᠠᠷᠭᠠᠬᠤ ᠡᠬᠢᠨ ᠦ ᠠᠯᠬᠤᠮ ᠪᠤᠶᠤ EMV ᠴᠢᠫ ᠲᠧᠭᠨᠣᠯᠣᠭᠢ ᠳᠤ ᠰᠢᠯᠵᠢᠭᠦᠯᠬᠦ ᠠᠵᠢᠯ ᠢ ᠡᠬᠢᠯᠡᠭᠦᠯᠦᠯ᠎ᠡ᠃ ᠲᠦᠭᠦᠷᠢᠭ ᠺᠠᠷᠲ ᠢ EMV/NFC ᠲᠧᠭᠨᠣᠯᠣᠭᠢ ᠳᠤ ᠰᠢᠯᠵᠢᠭᠦᠯᠦᠭᠰᠡᠨ ᠢᠶᠡᠷ ᠨᠢᠭᠤᠴᠠᠯᠠᠯ᠂ ᠠᠶᠤᠯᠭᠦᠢ ᠪᠠᠶᠢᠳᠠᠯ ᠰᠠᠶᠢᠵᠢᠷᠠᠬᠤ ᠲᠡᠳᠦᠢ ᠦᠭᠡᠢ ᠢᠷᠡᠭᠡᠳᠦᠢ ᠳᠦ ᠮᠣᠪᠠᠶᠢᠯ ᠲᠥᠯᠥᠪᠦᠷᠢ ᠲᠣᠭᠠᠴᠠᠭᠠᠨ ᠤ ᠳᠠᠪᠰᠢᠯᠲᠡᠲᠦ ᠰᠢᠢᠳᠦᠯ ᠢ ᠨᠡᠪᠲᠡᠷᠡᠭᠦᠯᠬᠦ ᠳᠦ ᠴᠢᠬᠤᠯᠠ ᠠᠯᠬᠤᠮ ᠪᠣᠯᠬᠤ ᠶᠤᠮ᠃
ᠮᠣᠩᠭᠣᠯ ᠪᠠᠩᠬᠢ ᠨᠢ ᠦᠨᠳᠦᠰᠦᠨ ᠦ ᠮᠥᠩᠭᠥᠨ ᠲᠡᠮᠳᠡᠭᠲᠦ ᠲᠥᠭᠥᠷᠢᠭ ᠢ ᠪᠡᠯᠭᠡᠳᠡᠨ ᠨᠡᠷᠡᠯᠡᠭᠰᠡᠨ ᠦᠨᠳᠦᠰᠦᠨ ᠦ  ᠪᠷᠡᠨᠳ᠋ ︽₮ ᠺᠠᠷᠲ︾ ᠍ ᠶᠢ ᠮᠣᠩᠭᠣᠯ ᠤᠯᠤᠰ ᠳᠠᠬᠢ ᠠᠷᠠᠯᠵᠢᠶᠠᠨ ᠤ ᠪᠠᠩᠬᠢ ᠨᠤᠭᠤᠳ ᠲᠠᠢ ᠬᠠᠮᠲᠤᠷᠠᠨ ᠭᠠᠷᠭᠠᠬᠤ ᠠᠵᠢᠯ ᠢ 2012 ᠣᠨ ᠳᠤ ᠠᠮᠵᠢᠯᠲᠠᠲᠠᠢ ᠵᠣᠬᠢᠶᠠᠨ ᠪᠠᠶᠢᠭᠤᠯᠵᠤ᠂ ᠲᠥᠯᠥᠪᠦᠷᠢ ᠶᠢᠨ ᠰᠢᠰᠲ᠋ᠧᠮ ᠦᠨ ᠬᠦᠭᠵᠢᠯ ᠳᠦ ᠴᠢᠬᠤᠯᠠ ᠠᠴᠢ ᠬᠣᠯᠪᠣᠭᠳᠠᠯ ᠪᠦᠬᠦᠢ ᠠᠯᠬᠤᠮ ᠬᠢᠭᠰᠡᠨ ᠪᠥᠭᠡᠳ 2019 ᠣᠨ ᠤ 2 ᠳ᠋ᠤᠭᠠᠷ ᠤᠯᠠᠷᠢᠯ ᠤᠨ ᠪᠠᠶᠢᠳᠠᠯ ᠢᠶᠠᠷ ₮ ᠺᠠᠷᠲ ᠵᠠᠬ᠎ᠠ ᠵᠡᠭᠡᠯᠢ ᠶᠢᠨ 74.9%  ᠬᠤᠪᠢ ᠶᠢ ᠡᠵᠡᠯᠡᠵᠦ᠂ ᠨᠡᠶᠢᠲᠡ 2.7 ᠰᠠᠶ᠎ᠠ ᠰᠢᠷᠬᠡᠭ ₮ ᠺᠠᠷᠲ ᠵᠠᠬ᠎ᠠ ᠵᠡᠭᠡᠯᠢ ᠳᠦ ᠠᠰᠢᠭᠯᠠᠭᠳᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ