︽ᠤᠪᠰᠤ ᠨᠠᠭᠤᠷ ᠴᠣᠮᠣ︾ ᠶᠢᠨ ᠡᠵᠡᠨ ᠲᠣᠳᠣᠷᠠᠯ᠎ᠠ  | News.MN

 ︽ᠤᠪᠰᠤ ᠨᠠᠭᠤᠷ ᠴᠣᠮᠣ︾ ᠶᠢᠨ ᠡᠵᠡᠨ ᠲᠣᠳᠣᠷᠠᠯ᠎ᠠ 

ᠤᠪᠰᠤ ᠠᠶᠢᠮᠠᠭ ᠠᠴᠠ ᠲᠥᠷᠥᠨ ᠭᠠᠷᠤᠭᠰᠠᠨ ᠮᠣᠩᠭᠣᠯ ᠤᠯᠤᠰ ᠤᠨ ᠠᠪᠤᠷᠭᠤ ᠨᠤᠭᠤᠳ ᠤᠨ ᠨᠡᠷᠡᠮᠵᠢᠲᠦ ︽ᠤᠪᠰᠤ ᠨᠠᠭᠤᠷ ᠴᠣᠮᠣ︾᠍ ᠶᠢᠨ ᠪᠠᠷᠢᠯᠳᠤᠭᠠᠨ ᠡᠨᠡ ᠠᠮᠠᠷᠠᠯᠲᠠ ᠶᠢᠨ ᠡᠳᠦᠷ  ᠢᠶᠡᠷ ᠪᠣᠯᠵᠤ ᠥᠩᠭᠡᠷᠡᠯ᠎ᠡ᠃ ᠤᠭ ᠪᠠᠷᠢᠯᠳᠤᠭᠠᠨ ᠳᠤ ᠲᠣᠭᠣᠷᠢᠭ ᠤᠨ ᠵᠢᠷᠤᠮ ᠢᠶᠠᠷ 64 ᠪᠥᠬᠡ ᠬᠦᠴᠦ ᠪᠢᠷ᠎ᠠ ᠪᠠᠨ ᠰᠣᠷᠢᠨ ᠥᠷᠢᠰᠦᠯᠳᠦᠭᠰᠡᠨ ᠪᠥᠭᠡᠳ ᠬᠤᠶᠠᠳᠠᠬᠢ ᠡᠳᠦᠷ ᠨᠢ ᠰᠢᠭᠰᠢᠭᠡ 30 ᠪᠥᠬᠡ ᠶᠢᠨ ᠪᠠᠷᠢᠯᠳᠤᠭᠠᠨ ᠢᠶᠠᠷ ᠦᠷᠭᠦᠯᠵᠢᠯᠡᠭᠰᠡᠨ ᠶᠤᠮ᠃
ᠨᠢᠭᠡᠳᠦᠭᠡᠷ ᠪᠠᠶᠢᠷᠢ ᠳᠤ 28 ᠳᠠᠪᠠᠭ᠎ᠠ ᠪᠠᠷ ᠠᠶᠢᠮᠠᠭ ᠤᠨ ᠠᠷᠰᠯᠠᠨ ᠴ᠂ ᠮᠥᠩᠬᠡᠪᠠᠶᠠᠷ ᠲᠦᠷᠦᠭᠦᠯᠡᠭᠰᠡᠨ ᠪᠣᠯ  ᠬᠤᠶᠠᠳᠤᠭᠠᠷ ᠪᠠᠶᠢᠷᠢ ᠳᠤ 27 ᠳᠠᠪᠠᠭ᠎ᠠ ᠪᠠᠷ ᠠᠶᠢᠮᠠᠭ ᠤᠨ ᠠᠷᠰᠯᠠᠨ ᠳ᠂ ᠬᠦᠳᠡᠷᠢᠪᠤᠯᠠᠭᠠᠨ᠂ ᠭᠤᠷᠪᠠᠳᠤᠭᠠᠷ ᠪᠠᠶᠢᠷᠢ ᠳᠤ 26 ᠳᠠᠪᠠᠭ᠎ᠠ ᠪᠠᠷ ᠠᠶᠢᠮᠠᠭ ᠤᠨ ᠠᠷᠰᠯᠠᠨ ᠬ∙ᠤᠷᠭᠢᠯᠪᠤᠯᠤᠳ ᠂ ᠳᠦᠷᠪᠡᠳᠦᠭᠡᠷ ᠪᠠᠶᠢᠷᠢ ᠳᠤ 25 ᠳᠠᠪᠠᠭ᠎ᠠ ᠪᠠᠷ ᠠᠶᠢᠮᠠᠭ ᠤᠨ ᠵᠠᠭᠠᠨ ᠣ᠊∙ᠲᠦᠮᠡᠨ᠂ ᠲᠠᠪᠤᠳᠤᠭᠠᠷ ᠪᠠᠶᠢᠷᠢ ᠳᠤ 25 ᠳᠠᠪᠠᠭ᠎ᠠ ᠪᠠᠷ ᠠᠶᠢᠮᠠᠭ ᠤᠨ ᠠᠷᠰᠯᠠᠨ ᠨ∙ᠬᠦᠷᠡᠯᠰᠦ᠋ᠬᠡ ᠨᠠᠷ ᠰᠢᠯᠭᠠᠷᠠᠯ᠎ᠠ᠃ ᠤᠷᠠᠨ ᠪᠠᠷᠢᠯᠳᠤᠭᠠᠨ ᠲᠠᠢ ᠪᠥᠬᠡ ᠶᠢᠨ ᠱᠠᠩᠨᠠᠯ ᠢ ᠠᠶᠢᠮᠠᠭ ᠤᠨ ᠨᠠᠴᠢᠨ ᠳ∙ᠪᠠᠲᠤᠮᠦ᠋ᠩᠬᠡ᠂ᠤᠷᠠᠨ ᠭᠠᠷ ᠤᠨ ᠳᠡᠪᠢᠭᠡ ᠲᠡᠢ ᠪᠥᠬᠡ ᠶᠢᠨ ᠱᠠᠩᠨᠠᠯ ᠢ ᠭ∙ᠪᠠᠨᠳᠢᠪᠠᠭᠠᠲᠤᠷ ᠨᠠᠷ ᠬᠦᠷᠲᠡᠯ᠎ᠡ᠃
ᠪᠠᠷᠢᠯᠳᠤᠭᠠᠨ ᠳᠤ ᠤᠯᠠᠭᠠᠨᠪᠠᠭᠠᠲᠤᠷ ᠬᠣᠲᠠ ᠠᠴᠠ ᠤᠯᠤᠰ᠂ ᠠᠶᠢᠮᠠᠭ᠂ ᠴᠡᠷᠢᠭ ᠦᠨ ᠴᠣᠯᠠᠲᠠᠨ ᠨᠤᠭᠤᠳ ᠪᠣᠯᠤᠨ ᠣᠷᠣᠰ ᠬᠣᠯᠪᠣᠭᠠᠨ ᠤ ᠤᠯᠤᠰ ᠤᠨ ᠲᠤᠸᠠ ᠤᠯᠤᠰ ᠤᠨ ᠪᠥᠬᠡᠴᠦᠳ ᠬᠦᠷᠦᠯᠴᠡᠨ ᠢᠷᠡᠵᠦ ᠵᠣᠳᠣᠭᠯᠠᠯ᠎ᠠ᠃

ᠰᠡᠳᠬᠢᠭᠳᠡᠯ ᠦᠯᠡᠳᠡᠭᠡᠬᠦ