ᠳ᠋ᠷᠠᠮ ᠤᠨ ᠲᠢᠶᠠᠲ᠋ᠷ ᠤᠨ ᠵᠠᠯᠠᠭᠤ ᠬᠣᠣᠰ ᠱᠠᠩᠨᠠᠯ ᠬᠦᠷᠲᠡᠵᠡᠢ  | News.MN

ᠳ᠋ᠷᠠᠮ ᠤᠨ ᠲᠢᠶᠠᠲ᠋ᠷ ᠤᠨ ᠵᠠᠯᠠᠭᠤ ᠬᠣᠣᠰ ᠱᠠᠩᠨᠠᠯ ᠬᠦᠷᠲᠡᠵᠡᠢ 

ᠤᠯᠤᠰ ᠤᠨ ᠳ᠋ᠷᠠᠮ ᠤᠨ ᠡᠷᠳᠡᠮ ᠦᠨ ᠲᠢᠶᠠᠲ᠋ᠷ ᠠᠴᠠ ᠲᠥᠷᠥᠨ ᠭᠠᠷᠤᠭᠰᠠᠨ ᠵᠠᠯᠠᠭᠤ ᠬᠣᠣᠰ ᠪᠣᠯ ᠰᠤᠶᠤᠯ ᠤᠨ ᠲᠡᠷᠢᠭᠦᠨ ᠦ ᠠᠵᠢᠯᠲᠠᠨ ᠭ∙ᠠᠯᠲᠠᠨᠭᠡᠷᠡᠯ᠂ ᠭ∙ᠨᠣᠮᠤᠭᠤᠨ ᠶᠤᠮ᠃ ᠲᠡᠳᠡ ᠠᠪᠢᠶᠠᠰᠯᠢᠭ ᠤᠷᠠᠨ ᠪᠦᠲᠦᠭᠡᠯᠴᠢ ᠭᠡᠳᠡᠭ ᠢᠶᠡᠨ ᠡᠨᠡ ᠴᠠᠭ ᠦᠶ᠎ᠡ ᠶᠢᠨ ᠲᠠᠶᠢᠰᠠ᠂ ᠳᠡᠯᠭᠡᠴᠡ ᠶᠢᠨ ᠳᠦᠷᠢ ᠪᠡᠷ ᠢᠶᠡᠨ ᠬᠠᠷᠠᠭᠤᠯᠵᠤ ᠪᠤᠢ ᠵᠠᠯᠠᠭᠤ ᠤᠷᠠᠨ ᠪᠦᠲᠦᠭᠡᠯᠴᠢᠳ᠃ ᠵᠠᠯᠠᠭᠤ ᠬᠣᠣᠰ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠤᠨ ᠰᠸᠦ᠋ᠯ ᠬᠤᠲᠠ ᠳᠤ ᠵᠣᠬᠢᠶᠠᠨ ᠪᠠᠶᠢᠭᠤᠯᠤᠭᠰᠠᠨ ᠬᠣᠶᠠᠷ ᠬᠦᠮᠦᠨ ᠦ ᠵᠦᠴᠦᠭᠡ ᠶᠢᠨ ᠣᠯᠠᠨ ᠤᠯᠤᠰ ᠤᠨ ᠹᠢᠰᠲ᠋ᠢᠸᠠᠯ ᠳᠤ ᠠᠮᠵᠢᠯᠲᠠᠲᠠᠢ ᠣᠷᠣᠯᠴᠠᠵᠤ᠂ ᠱᠠᠩᠨᠠᠯ ᠠᠪᠴᠠᠢ᠃ ᠡᠨᠡ ᠰᠠᠷ᠎ᠠ ᠶᠢᠨ 6-10  ᠳᠤ19 ᠳ᠋ᠡᠬᠢ ᠤᠳᠠᠭ᠎ᠠ ᠪᠠᠨ ᠪᠣᠯᠵᠤ ᠪᠤᠢ World duo arts performing festival 2019 ᠹᠢᠰᠲ᠋ᠢᠸᠠᠯ  ᠳᠤ ᠦᠺᠷᠠᠶᠢᠨ᠂ ᠰᠣᠯᠣᠩᠭᠣᠰ᠂ ᠮᠣᠩᠭᠣᠯ᠂ ᠷᠤᠮᠠᠨᠢᠶ᠎ᠠ ᠶᠢᠨ ᠤᠯᠤᠰ ᠤᠨ ᠤᠷᠠᠨ ᠪᠦᠲᠦᠭᠡᠯᠴᠢᠳ ᠥᠷᠢᠰᠦᠯᠳᠦᠵᠦ᠂ ᠮᠣᠩᠭᠣᠯ ᠤᠨ ᠤᠷᠠᠨ ᠪᠦᠲᠦᠭᠡᠯᠴᠢᠳ ᠡᠶᠢᠨ ᠲᠤᠰᠬᠠᠢ ᠪᠠᠶᠢᠷᠢ ᠶᠢᠨ ᠱᠠᠩᠨᠠᠯ ᠬᠦᠷᠲᠡᠯ᠎ᠡ ᠃
ᠮᠣᠩᠭᠣᠯ ᠤᠯᠤᠰ ᠤᠨ ᠵᠦᠴᠦᠭᠡᠴᠢᠳ ᠠᠩᠬ᠎ᠠ ᠤᠳᠠᠭ᠎ᠠ ᠸ∙ᠺᠷᠠᠰᠨᠤᠭᠤᠷᠤᠪ ᠤᠨ ︽ᠬᠤᠪᠢ ᠵᠠᠶᠠᠭᠠᠨ ᠤ ᠬᠦᠯᠢᠶᠡᠰᠦ ︾ ᠬᠡᠮᠡᠬᠦ ᠬᠣᠶᠠᠷ ᠬᠦᠮᠦᠨ ᠦ ᠲᠥᠷᠥᠯ ᠦᠨ  ᠵᠦᠴᠦᠭᠡ ᠪᠡᠷ ᠣᠷᠣᠯᠴᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ