ᠣᠯᠠᠨ ᠤᠯᠤᠰ ᠤᠨ ᠠᠬᠠᠮᠠᠳ ᠤᠨ ᠲᠡᠮᠡᠴᠡᠭᠡᠨ ᠪᠤᠯᠪᠠ  | News.MN

ᠣᠯᠠᠨ ᠤᠯᠤᠰ ᠤᠨ ᠠᠬᠠᠮᠠᠳ ᠤᠨ ᠲᠡᠮᠡᠴᠡᠭᠡᠨ ᠪᠤᠯᠪᠠ 

ᠬᠤᠶᠢᠳᠤ ᠪᠥᠰᠡ ᠶᠢᠨ ᠰᠡᠯᠡᠩᠭᠡ᠂ ᠳᠠᠷᠬᠠᠨ-ᠠᠭᠤᠯᠠ᠂ ᠣᠷᠬᠣᠨ ᠠᠶᠢᠮᠠᠭ ᠤᠳ ᠪᠣᠯᠤᠨ ᠣᠷᠣᠰ  ᠤᠨ ᠪᠤᠷᠢᠶᠠᠳ ᠤᠯᠤᠰ ᠤᠨ ᠵᠡᠳ ᠦᠨ ᠠᠶᠢᠮᠠᠭ ᠤᠨ ᠠᠬᠠᠮᠠᠳ ᠤᠨ ᠬᠤᠷᠢᠶ᠎ᠠ ᠨᠤᠭᠤᠳ ᠣᠷᠣᠯᠴᠠᠭᠰᠠᠨ ᠰᠢᠷᠡᠭᠡᠨ ᠦ  ᠲᠸᠨᠰ ᠦ ᠲᠡᠮᠡᠴᠡᠭᠡᠨ ᠡᠨᠡ ᠰᠠᠷ᠎ᠠ ᠶᠢᠨ 9 ᠍ ᠦ ᠡᠳᠦᠷ ᠰᠡᠯᠡᠩᠭᠡ ᠠᠶᠢᠮᠠᠭ ᠤᠨ ᠰᠦᠬᠡᠪᠠᠭᠠᠲᠤᠷ ᠰᠤᠮᠤᠨ ᠳᠤ ᠪᠣᠯᠤᠯ᠎ᠠ᠃ ᠡᠨᠡᠬᠦ ᠤᠯᠠᠮᠵᠢᠯᠠᠯᠲᠤ ᠣᠯᠠᠨ ᠤᠯᠤᠰ ᠤᠨ ᠠᠬᠠᠮᠠᠳ ᠤᠨ ᠨᠥᠬᠥᠷᠰᠡᠭ ᠠᠭᠤᠯᠵᠠᠯᠲᠠ ᠲᠡᠮᠡᠴᠡᠭᠡᠨ ᠡᠨᠡ ᠤᠳᠠᠭ᠎ᠠ ︽ᠠᠲᠠᠷ-60᠂ ᠠᠯᠲᠠᠨ ᠨᠠᠮᠤᠷ 2019︾ ᠰᠡᠳᠦᠪ ᠦᠨ ᠳᠣᠣᠷ᠎ᠠ ᠥᠷᠭᠡᠨ ᠳᠡᠯᠭᠡᠷ ᠪᠣᠯᠵᠠᠢ᠃ ᠢᠩᠭᠢᠭᠡᠳ ᠲᠡᠮᠡᠴᠡᠭᠡᠨ ᠦ ᠢᠯᠠᠭᠴᠢ ᠪᠠᠷ ᠪ∙ᠪᠤᠶᠠᠨᠬᠡᠰᠢᠭ ᠳᠠᠷᠤᠭ᠎ᠠ ᠲᠠᠢ ᠣᠷᠬᠣᠨ ᠠᠶᠢᠮᠠᠭ ᠤᠨ ᠪᠠᠭ ᠲᠠᠮᠢᠷᠴᠢᠳ ᠲᠣᠳᠣᠷᠠᠵᠤ ᠴᠣᠮᠣ᠂ ᠡᠷᠭᠦᠮᠵᠢᠯᠡᠯ ᠬᠦᠷᠲᠡᠭᠰᠡᠨ ᠪᠠᠶᠢᠨ᠎ᠠ᠃ ᠲᠡᠮᠡᠴᠡᠭᠡᠨ ᠦ ᠦᠶ᠎ᠡ ᠪᠡᠷ ᠮᠣᠩᠭᠣᠯ ᠤᠯᠤᠰ ᠤᠨ ᠰᠤᠶᠤᠯ ᠤᠨ ᠲᠡᠷᠢᠭᠦᠨ ᠦ ᠠᠵᠢᠯᠲᠠᠨ ᠳ∙ᠳᠡᠯᠭᠡᠷᠴᠡᠴᠡᠭ ᠠᠬᠠᠯᠠᠭᠴᠢ ᠲᠠᠢ ︽ᠠᠬᠠᠮᠠᠳ ᠤᠨ ᠴᠤᠤᠷᠢᠶ᠎ᠠ》ᠬᠠᠮᠲᠤᠯᠢᠭ ᠤᠨ ᠤᠷᠠᠨ ᠪᠦᠲᠦᠭᠡᠯᠴᠢᠳ ᠠᠶ᠎ᠠ ᠳᠠᠭᠤᠨ ᠤ ᠮᠡᠨᠳᠦᠴᠢᠯᠡᠭᠡ ᠳᠡᠪᠰᠢᠭᠦᠯᠵᠡᠢ᠃
ᠨᠥᠬᠥᠷᠰᠡᠭ ᠲᠡᠮᠡᠴᠡᠭᠡᠨ ᠢ ᠰᠡᠯᠡᠩᠭᠡ ᠠᠶᠢᠮᠠᠭ ᠤᠨ ᠠᠬᠠᠮᠠᠳ ᠤᠨ ᠬᠣᠷᠢᠶ᠎ᠠ᠂ ᠠᠶᠢᠮᠠᠭ ᠤᠨ  ᠪᠡᠶ᠎ᠡ ᠶᠢᠨ ᠲᠠᠮᠢᠷ ᠰᠫᠤᠷᠲ ᠤᠨ ᠭᠠᠵᠠᠷ᠂ ︽ᠠᠬᠠᠮᠠᠳ ᠦᠶ᠎ᠡ︾ ᠰᠣᠨᠢᠨ᠂ ᠠᠶᠢᠮᠠᠭ ᠤᠨ ᠰᠢᠷᠡᠭᠡᠨ ᠦ ᠲᠸᠨᠰ ᠤᠨ ᠬᠣᠯᠪᠣᠭ᠎ᠠ ᠬᠠᠮᠲᠤᠷᠠᠨ ᠵᠣᠬᠢᠶᠠᠨ ᠪᠠᠶᠢᠭᠤᠯᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ