ᠱ∙ᠨᠠᠷᠠᠨᠪᠠᠲᠤ ︽ᠭᠠᠶᠢᠬᠠᠯᠲᠠᠢ ᠬᠦᠮᠦᠰ︾ ᠢ ᠣᠷᠬᠢᠯ᠎ᠠ  | News.MN

ᠱ∙ᠨᠠᠷᠠᠨᠪᠠᠲᠤ ︽ᠭᠠᠶᠢᠬᠠᠯᠲᠠᠢ ᠬᠦᠮᠦᠰ︾ ᠢ ᠣᠷᠬᠢᠯ᠎ᠠ 

ᠮᠣᠩᠭᠣᠯ ᠤᠨ ᠣᠶᠤᠨ ᠤᠬᠠᠭᠠᠨ ᠤ ᠠᠺᠠᠳᠧᠮᠢ ᠶᠢᠨ ᠲᠠᠮᠢᠷᠴᠢᠳ ᠤᠨ ᠴᠢᠳᠠᠪᠤᠷᠢ ᠳᠡᠯᠡᠬᠡᠢ ᠳᠦ ᠭᠠᠶᠢᠬᠠᠭᠳᠠᠵᠤ᠂ ᠣᠯᠠᠨ ᠣᠷᠣᠨ ᠤ ᠲᠸᠯᠸᠢᠰ ᠦᠨ ᠴᠡᠩᠭᠡᠭᠦᠨᠲᠤ ᠨᠡᠪᠲᠡᠷᠡᠭᠦᠯᠭᠡ ᠨᠦᠭᠦᠳ ᠢ ᠤᠯᠠᠮ ᠰᠣᠨᠢᠷᠬᠠᠯᠲᠠᠢ ᠪᠣᠯᠭᠠᠬᠤ ᠪᠣᠯᠤᠭᠰᠠᠨ᠃ ᠲᠤᠬᠠᠶᠢᠯᠠᠪᠠᠯ᠂ ᠢᠲ᠋ᠠᠯᠢ ᠶᠢᠨ ᠬᠠᠮᠤᠭ ᠤᠨ ᠣᠯᠠᠨ ᠦᠵᠡᠭᠴᠢ ᠲᠡᠢ ᠺᠠᠨᠠᠯᠧ -5 ᠰᠤᠪᠠᠭ ᠤᠨ ᠨᠡᠪᠲᠡᠷᠡᠭᠦᠯᠭᠡ ᠳᠦ ᠪ∙ᠰᠢᠵᠢᠷᠡᠷᠳᠡᠨᠢ ᠣᠷᠣᠯᠴᠠᠵᠤ᠂ ᠡᠬᠢᠨ ᠦ ᠱᠠᠲᠤᠨ ᠳᠤ ᠪᠠᠨ ᠲᠡᠩᠴᠡᠭᠡᠳ ᠪᠠᠶᠢᠭ᠎ᠠ ᠶᠤᠮ᠃
ᠬᠠᠷᠢᠨ ᠣᠷᠣᠰ ᠤᠨ ︽ᠭᠠᠶᠢᠬᠠᠯᠲᠠᠢ ᠬᠦᠮᠦᠰ︾ ᠨᠡᠪᠲᠡᠷᠡᠭᠦᠯᠭᠡ ᠳᠦ ᠬ∙ᠬᠠᠲᠠᠨᠪᠠᠭᠠᠲᠤᠷ᠂ ᠳᠥᠷᠪᠡᠨ ᠨᠠᠰᠤᠲᠠᠢ ᠥᠬᠢᠨ ᠬ∙ᠢᠪᠡᠭᠡᠯ ᠦᠨ ᠢᠶᠡᠨ ᠬᠠᠮᠲᠤ ᠣᠷᠣᠯᠴᠠᠭᠰᠠᠨ᠃ ᠲᠤᠰ ᠨᠡᠪᠲᠡᠷᠡᠭᠦᠯᠭᠡ ᠳᠦ ᠣᠯᠠᠨ ᠣᠷᠣᠨ ᠤ 70 ᠭᠠᠷᠤᠢ ᠠᠪᠢᠶᠠᠰᠲᠠᠨ ᠣᠷᠣᠯᠴᠠᠭᠰᠠᠨ ᠠᠴᠠ ᠹᠢᠨᠠᠯ ᠤᠨ ᠱᠠᠲᠤᠨ ᠳᠤ ᠶᠢᠰᠦᠨ ᠣᠷᠣᠯᠴᠠᠭᠴᠢ ᠰᠢᠯᠭᠠᠷᠠᠭᠰᠠᠨ ᠤ ᠨᠢᠭᠡ ᠨᠢ ᠪᠠᠭ᠎ᠠ ᠨᠠᠰᠤᠨ ᠤ ᠠᠩᠭᠢᠯᠠᠯ ᠳᠤ ᠳᠡᠯᠡᠬᠡᠢ ᠶᠢᠨ ᠳᠥᠷᠪᠡᠨ ᠳᠡᠭᠡᠳᠦ ᠠᠮᠵᠢᠯᠲᠠ ᠶᠢ ᠡᠵᠡᠮᠰᠢᠭᠴᠢ᠂ 12 ᠨᠠᠰᠤᠲᠠᠢ ᠱ∙ᠨᠠᠷᠠᠨᠪᠠᠲᠤ ᠪᠠᠶᠢᠭᠰᠠᠨ ᠶᠤᠮ᠃ ᠹᠢᠨᠠᠯ ᠤᠨ ᠱᠠᠲᠤᠨ ᠳᠤ ᠲᠡᠷᠡ 40 ᠰᠢᠷᠬᠡᠭ ᠤᠰᠤᠨ ᠭᠠᠬᠠᠢ ᠶᠢᠨ ᠲᠦᠷᠬᠦ ᠶᠢ ᠬᠤᠪᠢ ᠶᠢᠨ ᠳ᠋ᠤᠭᠠᠷ᠂ ᠨᠠᠰᠤ᠂ ᠵᠢᠩ ᠲᠡᠢ ᠨᠢ ᠴᠡᠭᠡᠵᠢᠯᠡᠬᠦ ᠵᠡᠷᠭᠡ ᠨᠡᠶᠢᠲᠡ 160 ᠮᠡᠳᠡᠭᠡᠯᠡᠯ ᠢ 10 ᠮᠢᠨᠦ᠋ᠲ ᠲᠤ ᠲᠣᠭᠲᠠᠭᠠᠵᠤ᠂ ᠰᠢᠭᠦᠭᠴᠢᠳ ᠦᠨ ᠰᠣᠩᠭᠣᠭᠰᠠᠨ ᠳᠤᠷ᠎ᠠ ᠶᠢᠨ ᠤᠰᠤᠨ ᠭᠠᠬᠠᠢ ᠶᠢᠨ ᠮᠡᠳᠡᠭᠡᠯᠡᠯ ᠢ ᠠᠯᠳᠠᠭ᠎ᠠ ᠦᠭᠡᠢ ᠨᠡᠷᠡᠯᠡᠬᠦ ᠳᠠᠭᠠᠭᠠᠯᠭᠠᠪᠤᠷᠢ ᠠᠪᠤᠭᠰᠠᠨ ᠶᠤᠮ᠃ ᠲᠡᠷᠡᠪᠡᠷ 10 ᠮᠢᠨᠦ᠋ᠲ ᠲᠤ ᠳᠠᠭᠠᠭᠠᠯᠭᠠᠪᠤᠷᠢ ᠪᠠᠨ ᠠᠮᠵᠢᠯᠲᠠ ᠲᠠᠢ ᠭᠦᠢᠴᠡᠳᠭᠡᠭᠰᠡᠨ ᠴᠤ ᠰᠢᠭᠦᠭᠴᠢᠳ ᠦᠨ ᠰᠣᠩᠭᠣᠭᠰᠠᠨ ᠳᠥᠷᠪᠡᠨ ᠤᠰᠤᠨ ᠭᠠᠬᠠᠢ ᠶᠢᠨ ᠨᠢᠭᠡ ᠶᠢᠨ ᠬᠢᠨᠢ ᠵᠢᠰᠤᠮ ᠢ  ᠠᠨᠳᠠᠭᠤᠷᠠᠵᠤ ᠂ ᠨᠢᠭᠡ ᠰᠠᠶ᠎ᠠ ᠷᠦᠪᠯᠢ ᠶᠢᠨ ᠡᠵᠡᠨ ᠪᠣᠯᠵᠤ ᠴᠢᠳᠠᠭ᠎ᠠ ᠦᠭᠡᠢ ᠶᠤᠮ᠃

ᠰᠡᠳᠬᠢᠭᠳᠡᠯ ᠦᠯᠡᠳᠡᠭᠡᠬᠦ