ᠲ∙ ᠭᠠᠩᠡᠷᠳᠡᠨᠢ ᠬᠢᠲᠠᠳ ᠤᠨ ᠨᠠᠶᠢᠷᠠᠮᠳᠠᠯ ᠱᠠᠩᠨᠠᠯ ᠢᠶᠠᠷ ᠱᠠᠩᠨᠠᠭᠳᠠᠵᠠᠢ  | News.MN

ᠲ∙ ᠭᠠᠩᠡᠷᠳᠡᠨᠢ ᠬᠢᠲᠠᠳ ᠤᠨ ᠨᠠᠶᠢᠷᠠᠮᠳᠠᠯ ᠱᠠᠩᠨᠠᠯ ᠢᠶᠠᠷ ᠱᠠᠩᠨᠠᠭᠳᠠᠵᠠᠢ 

ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠬᠢᠮᠢ᠂ ᠬᠢᠮᠢ ᠶᠢᠨ ᠲᠧᠭᠨᠣᠯᠣᠭᠢ ᠶᠢᠨ ᠬᠦᠷᠢᠶᠡᠯᠡᠩ ᠦᠨ ᠡᠷᠳᠡᠮ ᠰᠢᠨᠵᠢᠯᠡᠭᠡᠨ ᠦ ᠲᠡᠷᠢᠭᠦᠯᠡᠬᠦ ᠠᠵᠢᠯᠲᠠᠨ᠂ ᠠᠺᠠᠳᠧᠮᠢᠴᠢ ᠲ∙ᠭᠠᠩᠡᠷᠳᠡᠨᠢ ᠶᠢ ᠬᠢᠲᠠᠳ ᠤᠯᠤᠰ  ᠪᠠᠶᠢᠭᠤᠯᠤᠭᠳᠠᠭᠰᠠᠨ ᠤ 70 ᠵᠢᠯ ᠦᠨ ᠣᠢ ᠪᠠᠷ 2019 ᠣᠨ ᠤ ᠱᠠᠩᠨᠠᠯᠲᠠᠳ ᠤᠨ ᠢᠶᠠᠨ ᠨᠢᠭᠡ ᠪᠡᠷ ᠲᠣᠳᠣᠷᠠᠭᠤᠯᠤᠭᠰᠠᠨ ᠪᠠᠶᠢᠨ᠎ᠠ᠃ ᠲᠡᠷᠡᠪᠡᠷ ᠰᠠᠶ᠋ᠢᠬᠠᠨ ᠲᠡᠰᠢ ᠣᠴᠢᠵᠤ ᠱᠠᠩᠨᠠᠯ ᠢᠶᠠᠨ ᠠᠪᠤᠭᠠᠳ ᠢᠷᠡᠵᠡᠢ᠃  ᠨᠠᠶᠢᠷᠠᠮᠳᠠᠯ ᠱᠠᠩᠨᠠᠯ ᠨᠢ ᠬᠢᠲᠠᠳ ᠤᠯᠤᠰ ᠤᠨ ᠡᠳ᠋ ᠦᠨ ᠵᠠᠰᠠᠭ᠂ ᠨᠡᠶᠢᠭᠡᠮ᠂ ᠰᠢᠨᠵᠢᠯᠡᠬᠦ ᠤᠬᠠᠭᠠᠨ ᠤ ᠬᠥᠭᠵᠢᠯ ᠳᠡᠪᠰᠢᠯ᠂ ᠭᠠᠳᠠᠭᠠᠳᠤ ᠬᠠᠮᠲᠤ ᠶᠢᠨ ᠠᠵᠢᠯᠯᠠᠭᠠᠨ ᠳᠤ ᠦᠨᠡᠲᠡᠢ ᠬᠤᠪᠢ ᠨᠡᠮᠡᠷᠢ ᠣᠷᠣᠭᠤᠯᠤᠭᠰᠠᠨ ᠭᠠᠳᠠᠭᠠᠳᠤ ᠶᠢᠨ ᠮᠡᠷᠭᠡᠵᠢᠯᠲᠡᠳ ᠲᠦ ᠣᠯᠭᠤᠳᠠᠭ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠳᠡᠭᠡᠳᠦ ᠱᠠᠩᠨᠠᠯ ᠶᠤᠮ᠃ ᠡᠨᠡᠬᠦ ᠱᠠᠩᠨᠠᠯ 1950  ᠊ᠭᠠᠳ ᠣᠨ ᠳᠤ ᠠᠩᠬ᠎ᠠ ᠪᠤᠢ ᠪᠣᠯᠵᠤ᠂ ᠬᠢᠲᠠᠳ ᠤᠯᠤᠰ ᠤᠨ ᠶᠡᠷᠦᠩᠬᠡᠢ ᠰᠠᠶᠢᠳ ᠵᠸᠦ ᠡᠸ᠋ᠨ ᠯᠠᠢ ᠵᠥᠪᠯᠡᠯᠲᠦ ᠬᠣᠯᠪᠣᠭᠠᠲᠤ ᠤᠯᠤᠰ᠂ ᠵᠡᠭᠦᠨ ᠧᠦ᠋ᠷᠣᠫᠠ ᠶᠢᠨ ᠣᠷᠣᠨ ᠨᠤᠭᠤᠳ ᠤᠨ ᠮᠡᠷᠭᠡᠵᠢᠯᠲᠡᠳ ᠲᠦ ᠭᠠᠷᠳᠠᠭᠤᠯᠵᠤ ᠥᠭᠳᠡᠭ ᠪᠠᠶᠢᠵᠠᠢ᠃
2019 ᠣᠨ ᠤ ᠱᠠᠩᠨᠠᠯ ᠢ ᠬᠢᠲᠠᠳ ᠤᠨ ᠲᠥᠷᠥ ᠶᠢᠨ ᠵᠥᠪᠯᠡᠯ ᠦᠨ ᠰᠢᠳᠠᠷ ᠰᠠᠶᠢᠳ ᠯᠢᠤ ᠾᠸ ᠭᠠᠷᠳᠠᠭᠤᠯᠵᠤ᠂ ᠲᠥᠷᠥ ᠶᠢᠨ ᠵᠥᠪᠯᠡᠯ ᠦᠨ ᠶᠡᠷᠦᠩᠬᠡᠢ ᠰᠠᠶᠢᠳ ᠯᠢ  ᠺᠸ ᠴᠢᠶᠠᠩ ᠪᠠᠶᠠᠷ ᠬᠦᠷᠭᠡᠵᠦ ᠦᠭᠡ ᠬᠡᠯᠡᠭᠰᠡᠨ ᠪᠠᠶᠢᠨ᠎ᠠ᠃ ᠠᠺᠠᠳᠧᠮᠢᠴᠢ ᠲ∙ᠭᠠᠩᠡᠷᠳᠡᠨᠢ ᠮᠣᠩᠭᠣᠯ ᠤᠯᠤᠰ ᠠᠴᠠ ᠲᠤᠰ ᠱᠠᠩᠨᠠᠯ ᠢ ᠬᠦᠷᠲᠡᠭᠰᠡᠨ ᠠᠩᠬᠠᠨ ᠤ ᠬᠦᠮᠦᠨ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ