ᠠᠨᠠᠨᠳᠠ ᠢᠷᠭᠡᠨᠰᠢᠯ ᠡᠴᠡ ᠪᠠᠨ ᠲᠠᠲᠠᠭᠠᠯᠵᠠᠬᠤ ᠬᠦᠰᠡᠯᠲᠡ ᠭᠠᠷᠭᠠᠵᠠᠢ  | News.MN

ᠠᠨᠠᠨᠳᠠ ᠢᠷᠭᠡᠨᠰᠢᠯ ᠡᠴᠡ ᠪᠠᠨ ᠲᠠᠲᠠᠭᠠᠯᠵᠠᠬᠤ ᠬᠦᠰᠡᠯᠲᠡ ᠭᠠᠷᠭᠠᠵᠠᠢ 

ᠶᠡᠬᠡ ᠠᠪᠤᠷᠭᠤ ᠺᠠᠺᠥᠷᠶᠦ ᠮ∙ᠠᠨᠠᠨᠳᠠ ᠶᠢᠨ ᠪᠠᠭᠰᠢ 2019 ᠣᠨ ᠤ ᠶᠢᠰᠦᠳᠦᠭᠡᠷ ᠰᠠᠷ᠎ᠠ ᠶᠢᠨ 16 ᠍ ᠳᠦ ᠨᠠᠰᠤ ᠪᠠᠷᠠᠭᠰᠠᠨ ᠪᠢᠯᠡ ᠃ ᠮᠡᠷᠭᠡᠵᠢᠯ ᠦᠨ ᠰᠦᠮᠣ᠋ ᠪᠥᠬᠡ ᠶᠢᠨ ᠢᠽᠤᠴᠤ ᠳᠡᠪᠵᠢᠶᠡᠨ ᠦ ᠤᠶᠠᠺᠠᠲ᠋ᠠ᠂ ᠰᠸᠺᠢᠸᠠᠺᠸ ᠠᠰᠠᠨ ᠰᠠᠺᠠᠾᠣᠺᠣ ᠨᠠᠰᠤ ᠪᠠᠷᠠᠭᠰᠠᠨ ᠢᠶᠠᠷ ᠲᠤᠰ ᠳᠡᠪᠵᠢᠶ᠎ᠡ ᠪᠠᠭᠰᠢ ᠦᠭᠡᠢ ᠪᠣᠯᠤᠭᠰᠠᠨ ᠪᠥᠭᠡᠳ ᠪᠥᠬᠡᠴᠦᠳ  ᠨᠢ  ᠮᠢᠴᠢᠨᠤᠺᠤ ᠳᠡᠪᠵᠢᠶᠡᠨ ᠳᠦ ᠰᠢᠯᠵᠢᠨ ᠣᠴᠢᠵᠤ ᠪᠠᠷᠢᠯᠳᠤᠵᠤ ᠪᠠᠶᠢᠭ᠎ᠠ᠃
ᠢᠽᠤᠴᠤ ᠳᠡᠪᠵᠢᠶ᠎ᠡ ᠶᠣᠺᠣᠽᠦᠨᠠ ᠮ∙ᠠᠨᠠᠨᠳᠠ ᠠᠴᠠ ᠭᠠᠳᠠᠨ᠎ᠠ ᠰᠠᠨᠳᠠᠨᠮᠸ᠂ ᠵᠣᠨᠢᠳᠠᠨ ᠵᠢᠨᠳᠠᠭᠠᠨ ᠤ ᠬᠣᠶᠠᠷ ᠪᠥᠬᠡ ᠲᠡᠢ ᠶᠤᠮ᠃ ᠮ∙ᠠᠨᠠᠨᠳᠠ ᠳᠡᠪᠵᠢᠶ᠎ᠡ ᠪᠡᠨ ᠥᠪᠯᠡᠨ ᠠᠪᠬᠤ ᠶᠢᠨ ᠲᠤᠯᠠᠳᠠ ᠢᠷᠭᠡᠨᠰᠢᠯ ᠡᠴᠡ  ᠪᠠᠨ ᠲᠠᠲᠠᠭᠠᠯᠵᠠᠵᠤ᠂ ᠶᠠᠫᠣᠨ ᠤᠯᠤᠰ ᠤᠨ ᠢᠷᠭᠡᠨ ᠪᠣᠯᠬᠤ ᠬᠦᠰᠡᠯᠲᠡ ᠪᠡᠨ ᠮᠣᠩᠭᠣᠯ ᠤᠯᠤᠰ ᠤᠨ ᠲᠥᠷᠥ ᠶᠢᠨ ᠪᠠᠶᠢᠭᠤᠯᠤᠯᠭ᠎ᠠ ᠨᠤᠭᠤᠳ ᠲᠤ ᠭᠠᠷᠭᠠᠭᠰᠠᠨ ᠪᠠᠶᠢᠨ᠎ᠠ᠃ ᠬᠠᠷᠢᠨ ᠮ∙ᠠᠨᠠᠨᠳᠠ ᠠᠪᠤᠷᠭᠤ ᠨᠢ ᠶᠠᠫᠣᠨ ᠤᠯᠤᠰ ᠤᠨ ᠢᠷᠭᠡᠨᠰᠢᠯ ᠢ ᠰᠣᠩᠭᠣᠭᠰᠠᠨ ᠰᠦᠮᠣ᠋ ᠪᠥᠬᠡ ᠶᠢᠨ ᠳᠦᠷᠪᠡᠳᠡᠬᠢ ᠶᠡᠬᠡ ᠠᠪᠤᠷᠭᠤ ᠪᠣᠯᠵᠤ ᠪᠠᠶᠢᠨ᠎ᠠ ᠃ ᠡᠭᠦᠨ ᠡᠴᠡ ᠡᠮᠦᠨ᠎ᠡ ᠨ∙ᠴᠡᠪᠡᠭᠨᠢᠮ᠎ᠡ᠂ ᠪ ᠂ ᠳᠠᠰᠢᠨᠢᠮ᠎ᠠ᠂ ᠮ∙ᠳᠠᠸᠠᠵᠢᠷᠭᠠᠯ ᠨᠠᠷ ᠶᠠᠫᠤᠨ ᠤᠯᠤᠰ ᠤᠨ ᠢᠷᠭᠡᠨᠰᠢᠯ ᠠᠪᠤᠭᠰᠠᠨ ᠪᠢᠯᠡ᠃

ᠰᠡᠳᠬᠢᠭᠳᠡᠯ ᠦᠯᠡᠳᠡᠭᠡᠬᠦ