ᠣ᠊∙ᠨᠠᠨᠳᠢᠨ᠂ ᠡ᠊∙ᠰᠣᠷᠬᠤᠭᠲᠠᠨᠢ ᠲᠡᠭᠦᠯᠳᠡᠷ ᠬᠤᠭᠤᠷᠴᠢᠳ ᠤᠨ ᠨᠠᠭᠠᠳᠤᠮ ᠳᠤ ᠲᠦᠷᠦᠭᠦᠯᠡᠵᠡᠢ  | News.MN

ᠣ᠊∙ᠨᠠᠨᠳᠢᠨ᠂ ᠡ᠊∙ᠰᠣᠷᠬᠤᠭᠲᠠᠨᠢ ᠲᠡᠭᠦᠯᠳᠡᠷ ᠬᠤᠭᠤᠷᠴᠢᠳ ᠤᠨ ᠨᠠᠭᠠᠳᠤᠮ ᠳᠤ ᠲᠦᠷᠦᠭᠦᠯᠡᠵᠡᠢ 

ᠮᠣᠩᠭᠣᠯ ᠤᠨ ᠥᠰᠪᠦᠷᠢ ᠶᠢᠨ ᠲᠡᠭᠦᠯᠳᠡᠷ ᠬᠤᠭᠤᠷᠴᠢᠳ ᠬᠢᠯᠢ ᠶᠢᠨ ᠴᠢᠨᠠᠳᠤ ᠳᠤ ᠪᠣᠯᠤᠭᠰᠠᠨ ᠣᠯᠠᠨ ᠤᠯᠤᠰ ᠤᠨ ᠲᠡᠮᠡᠴᠡᠭᠡᠨ ᠨᠦᠭᠦᠳ ᠲᠦ ᠠᠮᠵᠢᠯᠲᠠᠲᠠᠢ ᠣᠷᠣᠯᠴᠠᠵᠤ᠂ ᠠᠯᠲᠠ᠂ ᠮᠥᠩᠭᠥ᠂ ᠬᠦᠷᠡᠯ ᠮᠧᠳᠠᠯ ᠢᠬᠡᠷᠡᠯᠡᠭᠦᠯᠵᠡᠢ᠃ ᠲᠣᠳᠣᠷᠠᠭᠤᠯᠪᠠᠯ᠂  ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠤᠨ ᠰᠸᠦ᠋ᠯ ᠬᠤᠲᠠ ᠳᠤ ᠡᠨᠡ ᠰᠠᠷ᠎ᠠ ᠶᠢᠨ 6-7 ᠍ ᠤ ᠡᠳᠦᠷ ᠦᠳ ᠲᠦ ᠪᠣᠯᠤᠭᠰᠠᠨ ᠣᠯᠠᠨ ᠤᠯᠤᠰ ᠤᠨ ᠥᠰᠪᠦᠷᠢ ᠶᠢᠨ ᠲᠡᠭᠦᠯᠳᠡᠷ ᠬᠤᠭᠤᠷᠴᠢᠳ ᠤᠨ ᠤᠷᠤᠯᠳᠤᠭᠠᠨ ᠳᠤ ᠮᠣᠩᠭᠣᠯ ᠤᠯᠤᠰ ᠤᠨ ᠺᠣᠨᠰᠧᠷᠲ᠋ᠠᠪᠤᠷᠢ ᠶᠢᠨ ᠳᠡᠷᠭᠡᠳᠡᠬᠢ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠲᠠᠪᠤᠳᠤᠭᠠᠷ ᠠᠩᠬᠢ ᠶᠢᠨ ᠰᠤᠷᠤᠭᠴᠢ ᠣ᠊∙ᠨᠠᠨᠳᠢᠨ 1 ᠳᠦᠭᠡᠷ ᠪᠠᠶᠢᠷᠢ ᠡᠵᠡᠯᠡᠭᠰᠡᠨ ᠪᠣᠯ ᠮᠥᠨ ᠺᠣᠨᠰᠧᠷᠲ᠋ᠠᠪᠤᠷᠢ ᠶᠢᠨ ᠳᠡᠷᠭᠡᠳᠡᠬᠢ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠲᠠᠪᠤᠳᠤᠭᠠᠷ ᠠᠩᠬᠢ ᠶᠢᠨ ᠰᠤᠷᠤᠭᠴᠢ ᠣ᠊∙ᠠᠨᠠᠨᠳᠠ 3 ᠳ᠋ᠤᠭᠠᠷ ᠪᠠᠶᠢᠷᠢ ᠳᠤ ᠰᠢᠯᠭᠠᠷᠠᠵᠠᠢ᠃
ᠮᠥᠨ ᠠᠮᠧᠷᠢᠺᠠ ᠳᠤ ᠵᠣᠬᠢᠶᠠᠭᠳᠠᠭᠰᠠᠨ Golden Classical Music awards ᠣᠯᠠᠨ ᠤᠯᠤᠰ ᠤᠨ ᠨᠠᠭᠠᠳᠤᠮ ᠳᠤ ᠲᠡᠭᠦᠯᠳᠡᠷ ᠬᠤᠭᠤᠷᠴᠢ ᠰ ∙ᠠᠯᠢᠮ᠎ᠠ ᠱᠠᠪᠢ ᠶᠢᠨ ᠬᠠᠮᠲᠤ ᠣᠷᠣᠯᠴᠠᠵᠤ ᠳᠤᠮᠳᠠ ᠨᠠᠰᠤᠨ ᠤ ᠠᠩᠭᠢᠯᠠᠯ ᠳᠤ ᠡ᠊∙ᠰᠣᠷᠬᠤᠭᠲᠠᠨᠢ 1  ᠳᠦᠭᠡᠷ ᠪᠠᠶᠢᠷᠢ ᠪᠤᠶᠤ First Prize᠂ ᠪᠠᠭ᠎ᠠ ᠨᠠᠰᠤᠨ ᠤ ᠠᠩᠭᠢᠯᠠᠯ ᠳᠤ ᠡ᠊∙ᠠᠮᠧᠷᠢᠳᠠ 2 ᠳ᠋ᠤᠭᠠᠷ ᠪᠠᠶᠢᠷᠢ ᠪᠤᠶᠤ Second prize ᠡᠵᠡᠯᠡᠵᠡᠢ ᠃

ᠰᠡᠳᠬᠢᠭᠳᠡᠯ ᠦᠯᠡᠳᠡᠭᠡᠬᠦ