ᠠᠪᠯᠢᠭᠠᠯ ᠤᠨ ᠬᠣᠬᠢᠷᠠᠯ 11.9 ᠶᠡᠬᠡ ᠨᠠᠶᠤᠳ ᠪᠤᠯᠵᠠᠢ  | News.MN

ᠠᠪᠯᠢᠭᠠᠯ ᠤᠨ ᠬᠣᠬᠢᠷᠠᠯ 11.9 ᠶᠡᠬᠡ ᠨᠠᠶᠤᠳ ᠪᠤᠯᠵᠠᠢ 

ᠰᠡᠭᠦᠯᠴᠢ ᠶᠢᠨ 11 ᠵᠢᠯ ᠦᠨ ᠬᠤᠭᠤᠴᠠᠭᠠᠨ ᠳᠤ ᠠᠪᠯᠢᠭ᠎ᠠ ᠶᠢᠨ ᠤᠯᠠᠮ ᠠᠴᠠ ᠤᠴᠠᠷᠠᠭᠰᠠᠨ ᠬᠣᠬᠢᠷᠠᠯ 800 ᠭᠠᠷᠤᠢ ᠲᠡᠷᠪᠤᠮ ᠲᠥᠭᠦᠷᠢᠭ ᠪᠠᠶᠢᠭᠰᠠᠨ ᠪᠣᠯ 2019 ᠣᠨ ᠤ ᠡᠬᠢᠨ ᠦ ᠬᠠᠭᠠᠰ ᠲᠤ 11.9 ᠶᠡᠬᠡ ᠨᠠᠶᠤᠳ ᠬᠦᠷᠦᠭᠰᠡᠨ ᠨᠢ ᠮᠣᠩᠭᠣᠯ ᠤᠯᠤᠰ ᠤᠨ ᠲᠥᠰᠦᠪ ᠡᠴᠡ ᠳᠠᠪᠠᠭᠠᠳ ᠶᠠᠪᠤᠴᠢᠬᠠᠭᠰᠠᠨ ᠢ ᠠᠪᠯᠢᠭ᠎ᠠ ᠲᠠᠢ ᠲᠡᠮᠡᠴᠡᠬᠦ ᠭᠠᠵᠠᠷ ᠠᠴᠠ ᠮᠡᠳᠡᠭᠡᠯᠡᠪᠡ᠃ ᠤᠯᠤᠰ ᠤᠨ ᠲᠥᠰᠦᠪ ᠡᠨᠡ ᠣᠨ ᠤ ᠡᠬᠢᠨ ᠳᠦ 10 ᠶᠡᠬᠡ ᠨᠠᠶᠤᠳ ᠲᠥᠭᠦᠷᠢᠭ ᠳᠠᠪᠠᠵᠤ 1.2 ᠲᠡᠷᠪᠤᠮ ᠤᠨ ᠠᠰᠢᠭᠲᠠᠢ ᠭᠠᠷᠤᠭᠰᠠᠨ ᠪᠣᠯ ᠲᠤᠰ ᠭᠠᠵᠠᠷ ᠠᠴᠠ ᠬᠠᠤᠯᠢ ᠳᠤ ᠵᠢᠭᠠᠭᠰᠠᠨ ᠬᠠᠷᠢᠶᠠᠯᠠᠯ ᠤᠨ 984 ᠦᠢᠯᠡᠳᠦᠯ ᠲᠡᠢ᠂ 283 ᠬᠤᠯᠪᠤᠭᠳᠠᠭᠴᠢ ᠲᠠᠢ᠂ 834 ᠬᠡᠷᠡᠭ ᠲᠦ ᠬᠡᠷᠡᠭ ᠪᠦᠷᠢᠳᠬᠡᠯ᠂ ᠮᠥᠷᠳᠡᠨ ᠪᠠᠶᠢᠴᠠᠭᠠᠯᠲᠠ ᠶᠢᠨ ᠠᠵᠢᠯᠯᠠᠭ᠎ᠠ ᠶᠠᠪᠤᠭᠤᠯᠤᠭᠰᠠᠨ ᠤ ᠡᠴᠦᠰ ᠲᠦ ᠮᠠᠨ ᠤ ᠪᠦᠲᠦᠨ ᠵᠢᠯ ᠦᠨ ᠲᠥᠰᠦᠪ ᠵᠥᠪᠬᠡᠨ ᠬᠡᠳᠦᠬᠡᠨ ᠬᠦᠮᠦᠨ ᠳᠦ ᠬᠠᠮᠢᠶᠠᠷᠬᠤ  ᠠᠪᠯᠢᠭ᠎ᠠ ᠳᠤ ︽ᠶᠠᠪᠤᠴᠢᠬᠠᠵᠠᠢ︾᠃  2018 ᠣᠨ ᠳᠤ ᠠᠪᠯᠢᠭ᠎ᠠ ᠶᠢᠨ ᠤᠯᠠᠮ ᠠᠴᠠ ᠤᠯᠤᠰ ᠲᠤ ᠤᠴᠠᠷᠠᠭᠰᠠᠨ ᠬᠣᠬᠢᠷᠠᠯ 663.2 ᠲᠡᠷᠪᠤᠮ ᠲᠥᠭᠥᠷᠢᠭ᠃ ᠬᠠᠷᠢᠨ 2017 ᠣᠨ ᠳᠤ 69.5 ᠲᠡᠷᠪᠤᠮ ᠲᠥᠭᠥᠷᠢᠭ ᠦᠨ ᠬᠣᠬᠢᠷᠠᠯ ᠢ ᠠᠪᠯᠢᠭ᠎ᠠ ᠶᠢᠨ ᠭᠡᠮᠲᠦ  ᠬᠡᠷᠡᠭᠲᠡᠳ ᠤᠴᠠᠷᠠᠭᠤᠯᠵᠤ ᠪᠠᠶᠢᠵᠤ᠃ ᠠᠪᠯᠢᠭ᠎ᠠ ᠲᠠᠢ ᠲᠡᠮᠡᠴᠡᠬᠦ ᠭᠠᠵᠠᠷ ᠤᠨ ᠲᠠᠶᠢᠯᠤᠨ ᠠᠴᠠ ᠬᠠᠷᠠᠬᠤ ᠳᠤ ᠯᠠ ᠭᠡᠮᠲᠦ ᠬᠡᠷᠡᠭ᠂ ᠤᠴᠠᠷᠠᠵᠤ ᠪᠠᠶᠢᠭ᠎ᠠ ᠬᠣᠬᠢᠷᠠᠯ 2018 ᠣᠨ ᠳᠤ ᠡᠮᠦᠨᠡᠬᠢ ᠵᠢᠯ ᠡᠴᠡ 10 ᠳᠠᠬᠢᠨ ᠂ 2019 ᠣᠨ ᠳᠤ ᠡᠮᠦᠨᠡᠬᠢ ᠵᠢᠯ ᠡᠴᠡ 20 ᠳᠠᠬᠢᠨ ᠥᠰᠦᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ