ᠰ∙ ᠪᠠᠶᠠᠷᠴᠤᠭᠲᠤ ᠲᠤᠪᠬᠢᠮᠠᠯ ᠢᠶᠠᠨ ᠬᠠᠤᠯᠢ᠂ ᠰᠢᠭᠦᠬᠦ ᠶᠢᠨ ᠬᠢᠨ ᠳᠦ ᠪᠡᠯᠡᠭᠯᠡᠪᠡ  | News.MN

ᠰ∙ ᠪᠠᠶᠠᠷᠴᠤᠭᠲᠤ ᠲᠤᠪᠬᠢᠮᠠᠯ ᠢᠶᠠᠨ ᠬᠠᠤᠯᠢ᠂ ᠰᠢᠭᠦᠬᠦ ᠶᠢᠨ ᠬᠢᠨ ᠳᠦ ᠪᠡᠯᠡᠭᠯᠡᠪᠡ 

︽ᠤᠭ᠍ᠶᠤᠲᠤᠯᠤᠭᠠᠢ ᠶᠢᠨ ᠭᠡᠷ᠎ᠡ︾ ᠰᠠᠶᠢᠨ ᠮᠠᠭᠤ ᠪᠣᠯᠤᠭᠰᠠᠨ ᠭᠡᠬᠦ ᠮᠠᠷᠭᠤᠭᠠᠨ ᠣᠳᠣ ᠴᠤ  ᠦᠷᠭᠦᠯᠵᠢᠯᠡᠭᠰᠡᠭᠡᠷ᠃ ᠭᠡᠷ᠎ᠡ ᠶᠢ ᠣᠭᠲᠣ ᠤᠩᠰᠢᠭ᠎ᠠ ᠦᠭᠡᠢ ᠠᠲᠠᠯ᠎ᠠ ᠪᠠᠨ ︽ᠤᠭ᠍ᠶᠤᠲᠤᠯᠤᠭᠠᠢ ᠶᠢᠨ ᠭᠡᠷ᠎ᠡ︾ ᠮᠠᠭᠤ ᠪᠣᠯᠤᠭᠰᠠᠨ ᠭᠡᠵᠦ ᠪᠣᠳᠣᠳᠠᠭ᠂ ᠶᠠᠷᠢᠳᠠᠭ ᠬᠦᠮᠦᠨ ᠣᠯᠠᠨ᠃ ᠲᠡᠶᠢᠮᠦ ᠡᠴᠡ ᠲᠡᠳᠡᠨ ︽ᠤᠭ᠍ᠶᠤᠲᠤᠯᠤᠭᠠᠢ ᠶᠢᠨ ᠭᠡᠷ᠎ᠡ︾ ᠭᠡᠵᠦ ᠶᠠᠭᠤ ᠪᠣᠯᠬᠤ᠂ ᠶᠠᠮᠠᠷ ᠭᠡᠷ᠎ᠡ ᠪᠣᠯᠬᠤ᠂ ᠤᠯᠤᠰ ᠤᠨ ᠶᠡᠬᠡ ᠬᠤᠷᠠᠯ ᠢᠶᠠᠷ ᠤᠭ ᠭᠡᠷ᠎ᠡ ᠶᠢ ᠬᠡᠯᠡᠯᠴᠡᠬᠦ ᠦᠶ᠎ᠡ ᠳᠦ ᠬᠡᠨ ᠶᠠᠭᠤ ᠬᠡᠯᠡᠵᠦ ᠪᠠᠶᠢᠭᠰᠠᠨ ᠵᠡᠷᠭᠡ ᠶᠢ ᠨᠢᠭᠡᠳᠬᠡᠵᠦ᠂ ᠰᠠᠩ ᠤᠨ ᠰᠠᠶᠢᠳ ᠠᠰᠠᠨ ᠰ∙ᠪᠠᠶᠠᠷᠴᠤᠭᠲᠤ  ︽ᠤᠭ᠍ᠶᠤᠲᠤᠯᠤᠭᠠᠢ  ᠶᠢᠨ ᠲᠥᠰᠥᠯ ᠦᠨ 2009 ᠣᠨ ᠤ ᠭᠡᠷ᠎ᠡ᠂ ᠬᠣᠯᠪᠣᠭᠳᠠᠬᠤ᠂ ᠪᠢᠴᠢᠭ ᠪᠠᠷᠢᠮᠲᠠ ᠨᠤᠭᠤᠳ︾  ᠲᠤᠪᠬᠢᠮᠠᠯ ᠭᠠᠷᠭᠠᠭᠰᠠᠨ᠃  ᠡᠭᠦᠨ ᠢᠶᠡᠨ ᠲᠡᠷᠡ ᠭᠠᠳᠠᠭᠠᠳᠤ ᠬᠠᠷᠢᠯᠴᠠᠭᠠᠨ ᠤ  ᠶᠠᠮᠤᠨ᠂ ᠬᠠᠤᠯᠢ ᠵᠦᠢ ᠳᠣᠲᠣᠭᠠᠳᠤ ᠬᠡᠷᠡᠭ ᠦᠨ ᠶᠠᠮᠤᠨ᠂ ᠤᠯᠤᠰ ᠤᠨ ᠶᠡᠷᠦᠩᠬᠡᠢ ᠫᠷᠣᠺᠦ᠋ᠷᠣᠷ᠂ ᠤᠯᠤᠰ ᠤᠨ ᠳᠡᠭᠡᠳᠦ ᠰᠢᠭᠦᠬᠦ᠂ ᠮᠣᠩᠭᠣᠯ ᠤᠨ ᠬᠠᠤᠯᠢᠴᠢᠳ ᠤᠨ ᠬᠤᠯᠪᠤᠭ᠎ᠠ ᠂ ᠦᠨᠳᠦᠰᠦᠨ ᠦ ᠲᠥᠪ ᠨᠣᠮ ᠤᠨ ᠰᠠᠩ᠂ ᠬᠠᠤᠯᠢ ᠵᠦᠢ ᠶᠢᠨ ᠬᠦᠷᠢᠶᠡᠯᠡᠩ ᠪᠣᠯᠤᠨ ᠶᠡᠬᠡ ᠳᠡᠭᠡᠳᠦ ᠰᠤᠷᠭᠠᠭᠤᠯᠢ ᠨᠤᠭᠤᠳ ᠤᠨ ᠨᠣᠮ ᠤᠨ ᠰᠠᠩ ᠳᠤ ᠪᠡᠯᠡᠭᠯᠡᠭᠰᠡᠨ ᠪᠠᠶᠢᠨ᠎ᠠ᠃ ᠤᠭ ᠲᠤᠪᠬᠢᠮᠠᠯ ᠣᠯᠠᠨ ᠵᠢᠯ ᠤᠭ᠍ᠶᠤᠲᠤᠯᠤᠭᠠᠢ  ᠶᠢ ᠲᠣᠭᠣᠷᠢᠭᠰᠠᠨ ᠤᠯᠤᠰ ᠲᠦᠷᠦᠵᠢᠯᠲᠡ᠂ ᠬᠠᠷᠠᠳᠠᠯᠭ᠎ᠠ ᠶᠢ ᠡᠴᠦᠰᠯᠡᠬᠦ ᠳᠦ᠂ ᠮᠥᠨ ᠡᠨᠡ ᠬᠡᠷᠡᠭ ᠳᠡᠭᠡᠷ᠎ᠡ ᠠᠵᠢᠯᠯᠠᠵᠤ ᠪᠤᠢ ᠬᠠᠤᠯᠢ᠂ ᠰᠢᠭᠦᠭᠦ ᠶᠢᠨ ᠬᠢᠨ ᠳᠦ ᠮᠡᠳᠡᠭᠡᠯᠡᠯ᠂ ᠣᠶᠢᠯᠠᠭᠠᠯᠲᠠ ᠥᠭᠬᠦ ᠡᠴᠡ ᠭᠠᠳᠠᠨ᠎ᠠ ᠳᠠᠷᠠᠭ᠎ᠠ ᠳᠠᠷᠠᠭ᠎ᠠ ᠶᠢᠨ ᠲᠤᠮᠤ ᠲᠥᠰᠥᠯ ᠳᠡᠭᠡᠷ᠎ᠡ ᠠᠵᠢᠯᠯᠠᠬᠤ ᠲᠣᠮᠣ ᠲᠤᠷᠰᠢᠯᠭ᠎ᠠ ᠪᠣᠯᠬᠤ ᠶᠤᠮ᠃  ᠲᠤᠪᠬᠢᠮᠠᠯ 500 ᠬᠠᠭᠤᠳᠠᠰᠤ ᠲᠠᠢ ᠪᠥᠭᠡᠳ ᠮᠣᠩᠭᠣᠯ ᠤᠨ ᠨᠡᠶᠢᠭᠡᠮ ᠳ᠋ᠡᠬᠢ ᠲᠠᠷᠢᠬᠢ ᠤᠭᠢᠶᠠᠯᠲᠠ ᠶᠢ ᠰᠣᠶᠣᠨ ᠭᠡᠭᠡᠷᠡᠭᠦᠯᠬᠦ ᠳᠦ ᠨᠡᠮᠡᠷᠢ ᠲᠤᠰᠠᠲᠠᠢ ᠶᠤᠮ᠃

ᠰᠡᠳᠬᠢᠭᠳᠡᠯ ᠦᠯᠡᠳᠡᠭᠡᠬᠦ