ᠡᠭᠦᠷ ᠦᠨ ᠬᠣᠯᠪᠣᠭᠠᠨ ᠤ 4.3 ᠰᠠᠶ᠎ᠠ ᠭᠠᠷᠤᠢ ᠬᠡᠷᠡᠭᠯᠡᠭᠴᠢ ᠪᠠᠶᠢᠨ᠎ᠠ  | News.MN

ᠡᠭᠦᠷ ᠦᠨ ᠬᠣᠯᠪᠣᠭᠠᠨ ᠤ 4.3 ᠰᠠᠶ᠎ᠠ ᠭᠠᠷᠤᠢ ᠬᠡᠷᠡᠭᠯᠡᠭᠴᠢ ᠪᠠᠶᠢᠨ᠎ᠠ 

ᠬᠠᠷᠢᠯᠴᠠᠭ᠎ᠠ ᠬᠣᠯᠪᠣᠭᠠᠨ ᠤ ᠰᠠᠯᠪᠤᠷᠢ ᠶᠢᠨ ᠣᠯᠠᠨ ᠤᠯᠤᠰ ᠤᠨ ᠲᠦᠪᠰᠢᠨ ᠦ ᠦᠵᠡᠭᠦᠯᠦᠯᠲᠡ ᠪᠡᠷ ᠮᠠᠨ ᠤ ᠤᠯᠤᠰ 2017 ᠣᠨ ᠤ ᠪᠠᠶᠢᠳᠠᠯ ᠢᠶᠠᠷ ᠳᠡᠯᠡᠬᠡᠢ ᠶᠢᠨ 191 ᠤᠯᠤᠰ ᠤᠨ 91 ᠳ᠋ᠤᠭᠡᠷ ᠲᠦ᠂ ᠬᠠᠷᠢᠨ ᠠᠽᠢᠶ᠎ᠠ ᠲᠢᠪ ᠲᠦ ᠪᠡᠨ 14 ᠳ᠋ᠤᠭᠡᠷ ᠪᠠᠶᠢᠷᠢ ᠳᠤ ᠡᠷᠡᠮᠪᠡᠯᠡᠭᠳᠡᠵᠡᠢ᠃ ᠡᠭᠦᠷ ᠦᠨ ᠬᠣᠯᠪᠣᠭᠠᠨ ᠤ ᠢᠳᠡᠪᠬᠢᠲᠡᠢ ᠬᠡᠷᠡᠭᠯᠡᠭᠴᠢᠳ ᠦᠨ ᠲᠣᠭ᠎ᠠ ᠡᠨᠡ ᠣᠨ ᠤ ᠡᠬᠢᠨ ᠦ ᠬᠠᠭᠠᠰ ᠵᠢᠯ ᠦᠨ ᠪᠠᠶᠢᠳᠠᠯ ᠢᠶᠠᠷ 4 ᠰᠠᠶ᠎ᠠ 360 ᠣᠷᠴᠢᠮ ᠮᠢᠩᠭ᠎ᠠ ᠳᠤ ᠬᠦᠷᠦᠭᠰᠡᠨ ᠨᠢ ᠨᠢᠭᠡ ᠬᠡᠷᠡᠭᠯᠡᠭᠴᠢ ᠳᠤᠮᠳᠠᠴᠢ ᠪᠠᠷ ᠬᠣᠶᠠᠷ ᠡᠭᠦᠷ ᠦᠨ ᠬᠣᠯᠪᠣᠭᠠᠨ ᠤ ᠳ᠋ᠤᠭᠠᠷ ᠡᠵᠡᠮᠰᠢᠵᠦ ᠪᠠᠶᠢᠭ᠎ᠠ ᠶᠢ ᠢᠯᠡᠳᠬᠡᠭᠰᠡᠨ ᠦᠵᠡᠭᠦᠯᠦᠯᠲᠡ ᠭᠡᠳᠡᠭ ᠢ ᠬᠠᠷᠢᠯᠴᠠᠭ᠎ᠠ ᠬᠣᠯᠪᠣᠭᠠᠨ ᠤ ᠵᠣᠬᠢᠴᠠᠭᠤᠯᠬᠤ ᠬᠣᠷᠢᠶᠠᠨ ᠠᠴᠠ ᠮᠡᠳᠡᠭᠡᠯᠡᠯ᠎ᠡ᠃
ᠴᠠᠭ ᠦᠶ᠎ᠡ ᠶᠢᠨ ᠬᠥᠭᠵᠢᠯ ᠢᠶᠡᠨ ᠳᠠᠭᠠᠭᠠᠳ ᠳ᠋ᠠᠲ᠋ᠠ ᠬᠡᠷᠡᠭᠯᠡᠭᠡᠨ ᠦ ᠡᠷᠢᠯᠲᠠ ᠰᠡᠭᠦᠯ ᠦᠨ ᠵᠢᠯ ᠦᠳ ᠲᠦ ᠣᠭᠴᠣᠮ ᠥᠰᠴᠦ᠂ ᠬᠠᠷᠢᠨ ᠰᠠᠭᠤᠷᠢᠨ ᠬᠣᠯᠪᠣᠭᠠᠨ ᠤ ᠬᠡᠷᠡᠭᠯᠡᠭᠴᠢ ᠶᠢᠨ ᠲᠣᠭ᠎ᠠ ᠪᠠᠭᠤᠷᠠᠭᠰᠠᠨ ᠪᠠᠶᠢᠨ᠎ᠠ᠃
ᠡᠨᠡ ᠣᠨ ᠤ ᠪᠠᠶᠢᠳᠠᠯ ᠢᠶᠠᠷ ᠤᠯᠤᠰ ᠤᠨ ᠬᠡᠮᠵᠢᠶᠡᠨ ᠳᠦ ᠨᠡᠶᠢᠲᠡ 43396 ᠺᠢᠯᠣᠮᠧᠲ᠋ᠷ ᠰᠢᠯᠢᠨ ᠺᠠᠪᠧᠯ ᠤᠨ ᠳᠠᠮᠵᠢᠭᠤᠯᠬᠤ ᠰᠦᠯᠵᠢᠶ᠎ᠡ ᠶᠢ ᠲᠠᠲᠠᠭᠰᠠᠨ᠃ ᠡᠭᠦᠨ ᠡᠴᠡ 39189 ᠺᠢᠯᠣᠮᠧᠲ᠋ᠷ ᠨᠢ ᠬᠣᠲᠠ ᠬᠣᠭᠣᠷᠣᠨᠳᠣ᠂ 4207 ᠺᠢᠯᠣᠮᠧᠲ᠋ᠷ ᠨᠢ ᠬᠣᠲᠠ ᠰᠠᠭᠤᠷᠢᠨ ᠭᠠᠵᠠᠷ ᠲᠤ ᠲᠠᠲᠠᠭᠰᠠᠨ᠃ ᠤᠯᠤᠰ ᠬᠣᠭᠣᠷᠣᠨᠳᠣ ᠶᠢᠨ ᠢᠨᠲᠸᠷᠨᠧᠲ ᠬᠡᠷᠡᠭᠯᠡᠭᠡᠨ ᠦ ᠪᠠᠭᠲᠠᠭᠠᠮᠵᠢ 2014 ᠣᠨ ᠠᠴᠠ ᠬᠣᠶᠢᠰᠢ ᠳᠠᠷᠤᠢ 6 ᠳᠠᠬᠢᠨ ᠨᠡᠮᠡᠭᠳᠡᠭᠰᠡᠨ ᠭᠡᠵᠦ ᠤᠯᠤᠰ ᠤᠨ ᠶᠡᠬᠡ ᠬᠤᠷᠠᠯ ᠤᠨ ᠲᠥᠷᠥ ᠶᠢᠨ ᠪᠠᠶᠢᠭᠤᠯᠤᠯᠲᠠ ᠶᠢᠨ ᠪᠠᠶᠢᠩᠭᠤ ᠶᠢᠨ ᠬᠣᠷᠢᠶᠠᠨ ᠤ ᠳᠠᠷᠤᠭ᠎ᠠ ᠰ∙ᠪᠢᠮᠪᠠᠴᠤᠭᠲᠤ ᠲᠡᠷᠢᠭᠦᠲᠡᠢ ᠠᠯᠪᠠᠨ ᠤ ᠬᠢᠨ ᠢ ᠥᠴᠥᠭᠡᠳᠦᠷ ᠲᠤᠰ ᠬᠣᠷᠢᠶᠠᠨ ᠳᠤ ᠠᠵᠢᠯᠯᠠᠬᠤ ᠦᠶ᠎ᠡ ᠪᠡᠷ ᠬᠡᠯᠡᠭᠰᠡᠨ ᠶᠤᠮ᠃

ᠰᠡᠳᠬᠢᠭᠳᠡᠯ ᠦᠯᠡᠳᠡᠭᠡᠬᠦ