ᠮ∙ᠪᠠᠰᠠᠩᠬᠦᠦ ᠶᠦᠨᠨᠠᠨ ᠤ ᠤᠷᠤᠯᠳᠤᠭᠠᠨ ᠳᠤ ᠲᠦᠷᠦᠭᠦᠯᠡᠪᠡ  | News.MN

ᠮ∙ᠪᠠᠰᠠᠩᠬᠦᠦ ᠶᠦᠨᠨᠠᠨ ᠤ ᠤᠷᠤᠯᠳᠤᠭᠠᠨ ᠳᠤ ᠲᠦᠷᠦᠭᠦᠯᠡᠪᠡ 

ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠶᠦᠨᠨᠠᠨ ᠮᠤᠵᠢ ᠳᠤ ᠵᠣᠬᠢᠶᠠᠨ ᠪᠠᠶᠢᠭᠤᠯᠤᠭᠰᠠᠨ ᠤᠯᠠᠮᠵᠢᠯᠠᠯᠲᠤ ᠳᠤᠭᠤᠢ ᠶᠢᠨ ᠰᠫᠣᠷᠲ ᠤᠨ ᠣᠯᠠᠨ ᠤᠯᠤᠰ ᠤᠨ ᠣᠯᠠᠨ ᠡᠳᠦᠷ ᠦᠨ ᠤᠷᠤᠯᠳᠤᠭᠠᠨ ᠤ ᠡᠷᠡᠭᠲᠡᠶᠢᠴᠦᠳ ᠦᠨ ᠠᠩᠭᠢᠯᠠᠯ ᠳᠤ ᠮ∙ᠪᠠᠰᠠᠩᠬᠦᠦ ᠨᠡᠶᠢᠯᠡᠪᠦᠷᠢ ᠳ᠋ᠦᠩ ᠢᠶᠡᠷ ᠲᠡᠷᠢᠭᠦᠯᠡᠪᠡ᠃ ᠲᠡᠷᠡᠪᠡᠷ ᠤᠷᠤᠯᠳᠤᠭᠠᠨ ᠤ ᠵᠢᠷᠭᠤᠭᠠᠨ ᠭᠠᠷᠤᠭᠠᠨ ᠤ ᠨᠢᠭᠡ ᠳᠦ ᠨᠢ ᠬᠣᠶᠠᠳᠤᠭᠠᠷ ᠪᠠᠶᠢᠷᠢ ᠡᠵᠡᠯᠡᠨ᠂ ᠪᠤᠰᠤᠳ ᠲᠤ ᠨᠢ ᠲᠦᠷᠦᠭᠦᠯᠡᠭᠰᠡᠨ ᠠᠮᠵᠢᠯᠲᠠ ᠪᠠᠷ ᠠᠯᠲᠠᠨ ᠮᠧᠳᠠᠯ ᠬᠦᠷᠲᠡᠭᠰᠡᠨ ᠪᠠᠶᠢᠨ᠎ᠠ᠃ ᠡᠨᠡ ᠵᠢᠯ 6 ᠤᠳᠠᠭ᠎ᠠ ᠪᠣᠯᠵᠤ ᠪᠤᠢ ᠲᠤᠰ ᠣᠯᠠᠨ ᠡᠳᠦᠷ ᠦᠨ ᠤᠷᠤᠯᠳᠤᠭᠠᠨ ᠮᠠᠩ ᠰᠢ ᠳᠡᠭᠦᠷᠭᠡ ᠡᠴᠡ ᠯᠢᠵᠢᠶᠠᠩ ᠬᠦᠷᠲᠡᠯ᠎ᠡ 650 ᠺᠢᠯᠣᠮᠧᠲ᠋ᠷ ᠵᠠᠮ  ᠲᠤᠭᠤᠯᠤᠭᠰᠠᠨ  ᠪᠦᠭᠡᠳ ᠲᠤᠰ ᠤᠷᠤᠯᠳᠤᠭᠠᠨ ᠳᠤ 36 ᠤᠯᠤᠰ ᠤᠨ 1000 ᠲᠠᠮᠢᠷᠴᠢᠨ ᠣᠷᠣᠯᠴᠠᠨ ᠤᠷᠤᠯᠳᠤᠵᠠᠢ᠃

ᠰᠡᠳᠬᠢᠭᠳᠡᠯ ᠦᠯᠡᠳᠡᠭᠡᠬᠦ