ᠠᠷᠠᠳᠴᠢᠯᠠᠭᠰᠠᠨ ᠨᠠᠮ ᠠᠴᠠ ᠨᠡᠷ᠎ᠡ ᠳᠡᠪᠰᠢᠪᠡᠯ 100 ᠰᠠᠶ᠎ᠠ ᠲᠦᠭᠦᠷᠢᠭ ᠲᠥᠯᠦᠨ᠎ᠡ  | News.MN

ᠠᠷᠠᠳᠴᠢᠯᠠᠭᠰᠠᠨ ᠨᠠᠮ ᠠᠴᠠ ᠨᠡᠷ᠎ᠡ ᠳᠡᠪᠰᠢᠪᠡᠯ 100 ᠰᠠᠶ᠎ᠠ ᠲᠦᠭᠦᠷᠢᠭ ᠲᠥᠯᠦᠨ᠎ᠡ 

ᠰᠣᠩᠭᠣᠭᠤᠯᠢ ᠶᠢᠨ ᠵᠢᠯ ᠪᠤᠯᠬᠤ ᠳᠤ ᠭᠠᠭᠴᠠᠬᠠᠨ ᠰᠠᠷ᠎ᠠ ᠦᠯᠡᠳᠡᠭᠡᠳ ᠪᠤᠢ᠃ 2020 ᠣᠨ ᠢ ᠨᠠᠮ ᠤᠳ ᠰᠣᠩᠭᠣᠭᠤᠯᠢ ᠳᠤ ᠵᠣᠷᠢᠭᠤᠯᠬᠤ ᠨᠢ ᠲᠣᠳᠣᠷᠬᠠᠢ ᠶᠤᠮ᠃ ᠠᠷᠠᠳᠴᠢᠯᠠᠭᠰᠠᠨ ᠨᠠᠮ ᠤᠨ ᠦᠨᠳᠦᠰᠦᠨ ᠦ ᠪᠣᠳᠣᠯᠭ᠎ᠠ ᠶᠢᠨ ᠬᠣᠷᠢᠶ᠎ᠠ 11.09 ᠳᠤ ᠬᠤᠷᠠᠯᠳᠤᠵᠤ᠂ ᠰᠣᠩᠭᠣᠭᠤᠯᠢ ᠶᠢᠨ ᠪᠡᠯᠡᠳᠬᠡᠯ ᠠᠵᠢᠯ ᠤᠨ ᠲᠠᠯ᠎ᠠ ᠪᠠᠷ ᠶᠠᠷᠢᠯᠴᠠᠭᠰᠠᠨ ᠪᠠᠶᠢᠨ᠎ᠠ᠃ ᠦᠨᠳᠦᠰᠦᠨ ᠦ ᠪᠣᠳᠣᠯᠭ᠎ᠠ ᠶᠢᠨ ᠬᠣᠷᠢᠶ᠎ᠠ ᠨᠢ 400 ᠭᠠᠷᠤᠢ ᠭᠡᠰᠢᠭᠦᠨ ᠲᠡᠢ ᠶᠤᠮ᠃ ᠡᠭᠦᠨ ᠦ 20 ᠬᠤᠪᠢ ᠶᠢ ᠡᠮᠡᠭᠲᠡᠶᠢᠴᠦᠳ᠂ 20 ᠬᠤᠪᠢ ᠶᠢ ᠨᠢ ᠵᠠᠯᠠᠭᠤᠴᠤᠳ ᠡᠵᠡᠯᠡᠳᠡᠭ᠃

ᠲᠡᠳᠡ ᠰᠣᠩᠭᠣᠭᠤᠯᠢ ᠳᠤ ᠨᠡᠷ᠎ᠡ ᠳᠡᠪᠰᠢᠪᠡᠯ 100 ᠰᠠᠶ᠎ᠠ ᠶᠢ ᠨᠠᠮ ᠳᠤ ᠪᠠᠨ ᠲᠤᠰᠢᠶᠠᠬᠤ ᠠᠰᠠᠭᠤᠳᠠᠯ ᠢ ᠬᠡᠯᠡᠯᠴᠡᠵᠡᠢ᠃ ᠮᠥᠩᠭᠥᠨ ᠦ 40 ᠬᠤᠪᠢ ᠶᠢ ᠢᠷᠡᠬᠦ ᠣᠨ ᠤ ᠨᠢᠭᠡᠳᠦᠭᠡᠷ ᠰᠠᠷ᠎ᠠ ᠶᠢᠨ ᠨᠢᠭᠡᠨ ᠡᠴᠡ ᠡᠮᠦᠨ᠎ᠡ ᠲᠤᠰᠢᠶᠠᠭᠰᠠᠨ ᠪᠠᠶᠢᠬᠤ ᠶᠣᠰᠣᠲᠠᠢ ᠶᠤᠮ ᠪᠠᠶᠢᠨ᠎ᠠ᠃ ᠡᠭᠦᠨ ᠢ ᠡᠮᠡᠭᠲᠡᠢ ᠭᠡᠰᠢᠭᠦᠳ ᠨᠡᠯᠢᠶᠡᠳ ᠰᠢᠭᠦᠮᠵᠢᠯᠡᠭᠰᠡᠨ ᠂ ᠮᠥᠨ ᠵᠠᠯᠠᠭᠤᠴᠤᠳ ᠡᠨᠡ ᠮᠥᠩᠭᠥ ᠶᠢ ᠲᠥᠯᠥᠭᠡᠳ ᠰᠣᠩᠭᠣᠭᠤᠯᠢ ᠳᠤ ᠨᠡᠷ᠎ᠡ ᠳᠡᠪᠰᠢᠬᠦ ᠳᠦ ᠬᠦᠨᠳᠦᠷᠡᠯᠲᠡᠢ᠃  ᠠᠬᠢᠭᠠᠳ ᠯᠠ ᠬᠥᠷᠥᠩᠭᠡ ᠮᠥᠩᠭᠥ ᠲᠡᠢ ᠂ ᠨᠠᠰᠤ ᠪᠠᠷ ᠢᠶᠠᠨ ᠲᠥᠷᠥ ᠶᠢᠨ ᠠᠯᠪᠠ ᠵᠠᠶᠢᠳᠠᠩᠨᠠᠭᠰᠠᠨ ᠬᠥᠭᠰᠢᠴᠦᠳ ᠨᠢ ᠰᠣᠩᠭᠣᠭᠤᠯᠢ ᠳᠤ ᠦᠷᠢᠰᠦᠯᠳᠦᠬᠦ ᠪᠣᠯᠤᠮᠵᠢ ᠲᠠᠢ ᠪᠣᠯᠤᠨ᠎ᠠ ᠭᠡᠰᠡᠨ ᠰᠢᠭᠦᠮᠵᠢᠯᠡᠯ ᠬᠦᠴᠦᠲᠡᠢ ᠥᠷᠨᠢᠭᠰᠡᠨ ᠪᠠᠶᠢᠨ᠎ᠠ᠃ ᠡᠮᠡᠭᠲᠡᠶᠢᠴᠦᠳ ᠲᠦ 40 ᠬᠤᠪᠢ ᠶᠢᠨ ᠬᠥᠩᠭᠡᠯᠡᠯᠲᠡ ᠦᠵᠡᠭᠦᠯᠬᠦ ᠪᠡᠷ ᠪᠣᠯᠤᠭᠰᠠᠨ ᠭᠡᠨ᠎ᠡ᠃ ᠥᠭᠡᠷ᠎ᠡ ᠪᠡᠷ ᠬᠡᠯᠡᠪᠡᠯ᠂ ᠨᠡᠷ᠎ᠡ ᠳᠡᠪᠰᠢᠬᠦ ᠡᠮᠡᠭᠲᠡᠶᠢᠴᠦᠳ 60 ᠰᠠᠶ᠎ᠠ ᠶᠢ ᠨᠠᠮ ᠳᠤ ᠪᠠᠨ ᠤᠯᠭᠤᠬᠤ ᠪᠣᠯᠤᠯᠲᠠᠢ᠃ ᠭᠡᠬᠦ ᠳᠦ ᠪᠡᠨ ᠣᠳᠣ ᠪᠠᠷ ᠲᠣᠭᠣᠷᠢᠭ ᠬᠤᠪᠢᠶᠠᠷᠢᠯᠠᠯᠲᠠ ᠲᠣᠳᠣᠷᠬᠠᠢ ᠦᠭᠡᠢ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ