ᠪ∙ᠲᠡᠮᠡᠤᠯᠤᠨ Nike Air Max-1 ᠵᠠᠭᠪᠤᠷ  ᠢ ᠪᠦᠲᠦᠭᠡᠵᠡᠢ | News.MN

ᠪ∙ᠲᠡᠮᠡᠤᠯᠤᠨ Nike Air Max-1 ᠵᠠᠭᠪᠤᠷ  ᠢ ᠪᠦᠲᠦᠭᠡᠵᠡᠢ

ᠠᠮᠧᠷᠢᠺᠠ ᠶᠢᠨ ᠰᠫᠣᠷᠲ ᠬᠤᠪᠴᠠᠰᠤ᠂ ᠫᠦᠦᠵᠡ ᠦᠢᠯᠡᠳᠪᠦᠷᠢᠯᠡᠯ ᠢᠶᠡᠷ ᠳᠡᠯᠡᠬᠡᠢ ᠳᠦ ᠲᠡᠷᠢᠭᠦᠯᠡᠭᠴᠢ᠂ 55 ᠵᠢᠯ ᠦᠨ ᠲᠡᠦᠬᠡ ᠲᠡᠢ Nike ᠪᠷᠡᠨᠳ᠋ ᠲᠡᠢ ᠮᠣᠩᠭᠣᠯ ᠵᠠᠯᠠᠭᠤ ᠬᠠᠮᠲᠤᠷᠠᠨ ᠠᠵᠢᠯᠯᠠᠨ Nike AirMax ᠰᠢᠨ᠎ᠡ ᠵᠠᠭᠪᠤᠷ ᠤᠨ ᠫᠦᠦᠵᠡ ᠭᠠᠷᠭᠠᠬᠤ ᠪᠠᠷ ᠪᠣᠯᠤᠭᠰᠠᠨ ᠲᠠᠯ᠎ᠠ ᠪᠠᠷ ᠡᠮᠦᠨ᠎ᠡ ᠨᠢ ᠮᠡᠳᠡᠭᠡᠯᠡᠭᠰᠡᠨ ᠪᠢᠯᠡ᠃ ᠲᠣᠳᠣᠷᠠᠭᠤᠯᠪᠠᠯ᠂ Nike ᠨᠢ ᠰᠢᠨ᠎ᠡ ᠭᠤᠲᠤᠯ ᠢᠶᠠᠷ ᠥᠪᠡᠷ ᠦᠨ ᠲᠡᠦᠬᠡ᠂ ᠦᠵᠡᠯ ᠪᠣᠳᠣᠯ᠂ ᠵᠣᠷᠢᠯᠭ᠎ᠠ ᠪᠠᠨ ᠬᠤᠪᠢᠶᠠᠯᠴᠠᠬᠤ ᠵᠣᠷᠢᠯᠭ᠎ᠠ ᠲᠠᠢ ᠬᠥᠲᠥᠯᠪᠦᠷᠢ ᠵᠠᠷᠯᠠᠳᠠᠭ ᠪᠠᠶᠢᠨ᠎ᠠ᠃ ᠤᠭ ᠬᠥᠲᠥᠯᠪᠦᠷᠢ ᠳᠦ ᠳᠡᠯᠡᠬᠡᠢ ᠶᠢᠨ ᠥᠨᠴᠥᠭ ᠪᠤᠯᠤᠨ ᠪᠦᠷᠢ ᠡᠴᠡ ᠮᠢᠩᠭ᠎ᠠ ᠮᠢᠩᠭᠠᠨ ᠵᠠᠯᠠᠭᠤᠰ ᠣᠷᠣᠯᠴᠠᠳᠠᠭ ᠪᠥᠭᠡᠳ Tell your story with shoes ᠭᠡᠰᠡᠨ ᠬᠥᠲᠥᠯᠪᠦᠷᠢ ᠳᠦ ᠰᠣᠩᠭᠣᠭᠳᠠᠭᠰᠠᠨ 38 ᠵᠠᠯᠠᠭᠤᠰ ᠠᠴᠠ ᠪ∙ᠲᠡᠮᠡᠦᠯᠦᠨ ᠰᠢᠭᠰᠢᠭᠳᠡᠵᠦ ᠦᠯᠡᠳᠡᠭᠰᠡᠨ ᠶᠤᠮ᠃ ᠢᠩᠭᠢᠭᠰᠡᠨ ᠢᠶᠡᠷ ᠲᠡᠷᠡᠪᠡᠷ ᠲᠤᠰ ᠪᠷᠡᠨᠳ᠋ ᠲᠡᠢ ᠬᠠᠮᠲᠤᠷᠠᠨ ᠠᠵᠢᠯᠯᠠᠵᠤ᠂ ᠥᠪᠡᠷ ᠦᠨ ᠲᠡᠦᠬᠡ ᠶᠢ ᠰᠢᠭᠢᠳᠬᠡᠭᠰᠡᠨ ᠰᠢᠨ᠎ᠡ ᠵᠠᠭᠪᠤᠷ ᠤᠨ ᠫᠦᠦᠵᠡ ᠶᠢ ᠬᠤᠳᠠᠯᠳᠤᠭᠠᠨ ᠳᠤ ᠭᠠᠷᠭᠠᠬᠤ ᠠᠩᠬᠠᠨ ᠤ ᠮᠣᠩᠭᠣᠯ ᠬᠦᠮᠦᠨ ᠪᠣᠯᠤᠭᠰᠠᠨ᠃
ᠲᠡᠭᠡᠪᠡᠯ ᠪ∙ᠲᠡᠮᠡᠤᠯᠤᠨ ᠤ ᠲᠡᠦᠬᠡ ᠶᠢ ᠰᠢᠭᠢᠳᠬᠡᠭᠰᠡᠨ Nike Air Max¬-1 ᠵᠠᠭᠪᠤᠷ ᠤᠨ  ︽ᠪᠠᠳᠢᠷᠴᠢᠳ︾ ᠨᠡᠷ᠎ᠡ ᠲᠡᠢ ᠫᠦᠦᠵᠡ ᠡᠨᠡ ᠰᠠᠷ᠎ᠠ ᠶᠢᠨ 1 ᠡᠴᠡ ᠡᠬᠢᠯᠡᠨ Nike ᠠᠯᠪᠠᠨ ᠶᠣᠰᠣᠨ ᠤ  ᠰᠠᠶᠢᠲ ᠢᠶᠠᠷ 130 ᠳ᠋ᠣᠯᠯᠠᠷ ᠤᠨ ᠦᠨ᠎ᠡ ᠪᠡᠷ ᠵᠠᠷᠤᠭᠳᠠᠵᠤ ᠡᠬᠢᠯᠡᠵᠡᠢ᠃

ᠰᠡᠳᠬᠢᠭᠳᠡᠯ ᠦᠯᠡᠳᠡᠭᠡᠬᠦ