︽ᠪᠢᠳᠡ ᠬᠠᠮᠢᠭ᠎ᠠ ᠠᠴᠠ ᠢᠷᠡᠭᠰᠡᠨ ᠪᠤᠢ︾ ᠦᠵᠡᠰᠭᠦᠯᠡᠩ ᠭᠠᠷᠭᠠᠯ᠎ᠠ  | News.MN

 ︽ᠪᠢᠳᠡ ᠬᠠᠮᠢᠭ᠎ᠠ ᠠᠴᠠ ᠢᠷᠡᠭᠰᠡᠨ ᠪᠤᠢ︾ ᠦᠵᠡᠰᠭᠦᠯᠡᠩ ᠭᠠᠷᠭᠠᠯ᠎ᠠ 

ᠵᠢᠷᠤᠭᠠᠴᠢ ᠵ ᠂ ᠣᠳᠬᠣᠨ-ᠡᠷᠳᠡᠨᠢ ᠶᠢᠨ ᠪᠡᠶ᠎ᠡ ᠳᠠᠭᠠᠭᠠᠭᠰᠠᠨ  ᠬᠤᠶᠠᠳᠠᠬᠢ ᠤᠷᠠᠨ ᠪᠦᠲᠦᠭᠡᠯ ᠦᠨ ᠦᠵᠡᠰᠬᠦᠯᠡᠩ ︽ᠪᠢᠳᠡ ᠬᠠᠮᠢᠭ᠎ᠠ ᠠᠴᠠ ᠢᠷᠡᠭᠰᠡᠨ ᠪᠤᠢ︾ ᠰᠡᠳᠦᠪ ᠲᠡᠢ ᠪᠡᠷ 2019 ᠣᠨ ᠤ 11 ᠍ ᠳᠦᠭᠡᠷ ᠰᠠᠷ᠎ᠠ ᠶᠢᠨ 3 ᠍- 16 ᠍ ᠤ ᠡᠳᠦᠷ ᠦᠳ ᠲᠦ ︽ᠪᠯᠢᠦ᠋ᠮᠤᠨ︾ ᠲᠥᠪ ᠲᠡᠬᠢ ᠤᠷᠠᠨ ᠵᠢᠷᠤᠭ ᠤᠨ ᠨᠣᠷᠹᠧᠢ ᠠᠷᠲ ᠭᠠᠯᠧᠷᠧᠢ ᠳᠦ ᠭᠠᠷᠭᠠᠵᠤ ᠪᠠᠶᠢᠨ᠎ᠠ᠃ ᠵᠢᠷᠤᠭᠠᠴᠢ ᠶᠢᠨ ᠡᠨᠡᠬᠦ ᠦᠵᠡᠰᠬᠦᠯᠡᠩ ᠦᠨ ᠤᠷᠠᠨ ᠪᠦᠲᠦᠭᠡᠯ ᠦᠳ ᠨᠢ ᠬᠦᠮᠦᠨ ᠦ ᠠᠮᠢᠳᠤᠷᠠᠯ ᠤᠨ ᠤᠳᠬ᠎ᠠ ᠤᠴᠢᠷ᠂ ᠬᠠᠶᠢᠷ᠎ᠠ ᠰᠡᠳᠬᠢᠯ᠂ ᠮᠣᠩᠭᠣᠯ ᠬᠦᠮᠦᠨ᠂ ᠲᠥᠷᠥ ᠤᠯᠤᠰ᠂ ᠤᠯᠠᠮᠵᠢᠯᠠᠯ ᠢ ᠤᠷᠠᠨ ᠵᠢᠷᠤᠭ ᠤᠨ ᠣᠯᠠᠨ ᠥᠩᠭᠡ᠂ ᠬᠡᠯᠪᠡᠷᠢ ᠪᠡᠷ ᠥᠪᠡᠷᠮᠢᠴᠡ ᠪᠡᠷ ᠳᠦᠷᠰᠦᠯᠡᠨ ᠬᠠᠷᠠᠭᠤᠯᠵᠠᠢ᠃
《ᠣᠷᠴᠢᠨ ᠦᠶ᠎ᠡ ᠶᠢᠨ ᠤᠷᠠᠯᠢᠭ ᠤᠨ ᠭᠣᠣᠯ ᠣᠨᠴᠠᠯᠢᠭ ᠨᠢ ᠲᠤᠬᠠᠢ ᠶᠢᠨ ᠪᠦᠲᠦᠭᠡᠯ ᠦᠨ ᠤᠳᠬ᠎ᠠ ᠰᠠᠨᠠᠭ᠎ᠠ ᠶᠢ ᠬᠦᠮᠦᠰ ᠲᠦ ᠣᠶᠢᠯᠠᠭᠠᠭᠤᠯᠵᠤ᠂ ᠣᠷᠤᠯᠴᠠᠭᠤᠯᠵᠤ᠂ ᠰᠡᠳᠬᠢᠨ ᠪᠣᠳᠣᠭᠤᠯᠬᠤ ᠳᠤ ᠴᠢᠭᠯᠡᠭᠳᠡᠵᠦ ᠪᠠᠶᠢᠨ᠎ᠠ᠃ ᠪᠢᠳᠡ ᠬᠠᠮᠢᠭ᠎ᠠ ᠠᠴᠠ ᠶᠠᠭᠠᠬᠢᠬᠤ ᠭᠡᠵᠦ ᠢᠷᠡᠭᠰᠡᠨ ᠪᠤᠢ ᠭᠡᠳᠡᠭ ᠠᠰᠠᠭᠤᠯᠲᠠ ᠶᠢ ᠬᠦᠮᠦᠨ ᠪᠦᠷᠢ ᠥᠪᠡᠷ ᠡᠴᠡ ᠪᠡᠨ ᠠᠰᠠᠭᠤᠭᠠᠳ ᠦᠵᠡᠪᠡᠯ ᠬᠠᠷᠢᠭᠤᠯᠲᠠ ᠶᠢ ᠮᠡᠳᠡᠬᠦ ᠪᠣᠯᠤᠨ᠎ᠠ᠃ ᠡᠨᠡ ᠦᠵᠡᠰᠬᠦᠯᠡᠩ ᠢ ᠭᠠᠷᠭᠠᠬᠤ ᠪᠣᠯᠤᠭᠰᠠᠨ ᠤᠴᠢᠷ ᠨᠢ ᠪᠢᠳᠡ ᠳᠡᠭᠡᠳᠦ ᠲᠩᠷᠢ ᠡᠴᠡ ᠢᠷᠡᠭᠰᠡᠨ ᠪᠤᠷᠬᠠᠨ ᠤ ᠪᠡᠯᠡᠭ ᠪᠥᠭᠡᠳ ᠪᠢᠳᠡ ᠪᠦᠭᠦᠳᠡ ᠬᠡᠦᠬᠡᠳ ᠪᠠᠶᠢᠭᠰᠠᠨ᠃ ᠬᠡᠦᠬᠡᠳ ᠪᠦᠷᠢ ᠶᠢ ᠲᠩᠷᠢ ᠡᠯᠴᠢ ᠨᠠᠷ ᠬᠠᠮᠠᠭᠠᠯᠠᠵᠤ ᠪᠠᠶᠢᠳᠠᠭ᠃ ᠮᠥᠨ ᠪᠦᠬᠦ ᠬᠦᠮᠦᠨ ᠳᠦ ᠥᠪᠡᠷ ᠦᠨ ᠬᠤᠪᠢ ᠲᠠᠪᠢᠯᠠᠩ᠂ ᠲᠡᠦᠬᠡ ᠪᠠᠶᠢᠳᠠᠭ ᠭᠡᠳᠡᠭ ᠢ ᠣᠶᠢᠯᠠᠭᠠᠭᠤᠯᠬᠤ ᠶᠢ ᠬᠦᠰᠡᠭᠰᠡᠨ᠃ ᠬᠠᠮᠤᠭ ᠤᠨ ᠭᠣᠣᠯ ᠨᠢ ᠡᠨᠡ ᠠᠮᠢᠳᠤᠷᠠᠯ ᠳᠤ ᠪᠢᠳᠡ ᠪᠤᠰᠤᠳ ᠢ ᠬᠠᠶᠢᠷᠠᠯᠠᠬᠤ ᠭᠡᠵᠦ᠂ ᠪᠤᠰᠤᠳ ᠲᠤ ᠭᠡᠷᠡᠯ ᠪᠣᠯᠬᠤ ᠭᠡᠵᠦ ᠢᠷᠡᠳᠡᠭ ᠭᠡᠳᠡᠭ ᠢ ᠤᠶᠢᠯᠠᠭᠠᠬᠤ ᠶᠠᠪᠤᠳᠠᠯ᠃ ᠺᠤᠨᠲᠸᠮᠫᠤᠷᠠᠷᠢ ᠤᠷᠠᠯᠢᠭ ᠨᠢ ᠨᠢᠭᠡ ᠳᠦ ᠂ ᠰᠡᠳᠬᠢᠯᠭᠡᠨ ᠦ ᠤᠷᠠᠯᠢᠭ᠂ ᠬᠤᠶᠠᠳᠤᠭᠠᠷ ᠲᠤ ᠂ ᠰᠢᠨ᠎ᠡ ᠦᠵᠡᠯ ᠰᠠᠨᠠᠭ᠎ᠠ᠂ ᠮᠠᠲ᠋ᠧᠷᠢᠶᠠᠯ ᠱᠠᠭᠠᠷᠳᠠᠭᠰᠠᠨ ᠤᠷᠠᠯᠢᠭ ᠶᠤᠮ᠃ ᠲᠡᠶᠢᠮᠦ ᠡᠴᠡ ᠮᠣᠩᠭᠣᠯ ᠳᠤ ᠠᠩᠬ᠎ᠠ ᠤᠳᠠᠭ᠎ᠠ ᠬᠠᠩᠪᠤ ᠬᠢᠯᠢᠩ ᠮᠠᠲ᠋ᠧᠷᠢᠶᠠᠯ ᠳᠡᠭᠡᠷ᠎ᠡ ᠵᠢᠷᠤᠭ ᠵᠢᠷᠤᠭᠰᠠᠨ ᠠᠩᠬᠠᠨ ᠤ ᠵᠢᠷᠤᠭᠠᠴᠢ ᠪᠣᠯᠤᠭᠰᠠᠨ ᠳᠤ ᠪᠠᠨ ᠪᠠᠶᠠᠷᠲᠠᠢ ᠪᠠᠶᠢᠨ᠎ᠠ᠃ ᠪᠥᠭᠥᠳᠡᠭᠡᠷ ᠢᠶᠡᠨ ᠭᠡᠷᠡᠯᠲᠦᠵᠦ ᠠᠮᠢᠳᠤᠷᠠᠵᠠᠭᠠᠶ᠎ᠠ 》 ᠭᠡᠵᠦ ᠵᠢᠷᠤᠭᠠᠴᠢ ᠵ ᠂ ᠣᠳᠬᠣᠨ-ᠡᠷᠳᠡᠨᠢ ᠶᠠᠷᠢᠯ᠎ᠠ᠃

ᠰᠡᠳᠬᠢᠭᠳᠡᠯ ᠦᠯᠡᠳᠡᠭᠡᠬᠦ