ᠭ∙ᠮᠠᠨᠳᠤᠬᠤᠨᠠᠷᠠᠨ ᠬᠠᠭᠤᠴᠢᠨ ᠵᠢᠩ ᠳᠦ ᠪᠡᠨ ᠪᠠᠷᠢᠯᠳᠤᠨ᠎ᠠ  | News.MN

ᠭ∙ᠮᠠᠨᠳᠤᠬᠤᠨᠠᠷᠠᠨ ᠬᠠᠭᠤᠴᠢᠨ ᠵᠢᠩ ᠳᠦ ᠪᠡᠨ ᠪᠠᠷᠢᠯᠳᠤᠨ᠎ᠠ 

ᠳ᠋ᠢᠩᠮᠤᠬᠠᠮᠸᠳ᠋  ᠺᠤᠨᠧᠶ᠋ᠸᠪ ᠤᠨ ᠳᠤᠷᠠᠰᠬᠠᠯ ᠳᠤ ᠵᠣᠷᠢᠭᠤᠯᠤᠭᠰᠠᠨ ᠴᠢᠯᠦᠭᠡᠲᠦ ᠪᠥᠬᠡ ᠶᠢᠨ ᠡᠷᠡᠭᠲᠡᠶᠢᠴᠦᠳ ᠦᠨ ᠣᠯᠠᠨ ᠤᠯᠤᠰ ᠤᠨ ᠲᠡᠮᠡᠴᠡᠭᠡᠨ ᠠᠷᠪᠠᠨ ᠨᠢᠭᠡᠳᠦᠭᠡᠷ ᠰᠠᠷ᠎ᠠ ᠶᠢᠨ 14-17 ᠍ ᠳᠦ ᠬᠠᠰᠠᠭᠰᠲ᠋ᠠᠨ ᠳᠤ ᠪᠣᠯᠤᠨ᠎ᠠ᠃  ᠳᠤᠯᠤᠳᠠᠬᠢ ᠤᠳᠠᠭ᠎ᠠ ᠶᠢᠨ ᠲᠡᠮᠡᠴᠡᠭᠡᠨ ᠳᠦ ᠮᠠᠨ ᠤ ᠤᠯᠤᠰ ᠠᠴᠠ 57 ᠺᠢᠯᠦᠭᠷᠡᠮ ᠤᠨ ᠵᠢᠩ ᠳᠦ ᠲ∙ᠲᠦᠪᠰᠢᠨᠲᠤᠯᠭ᠎ᠠ᠂ ᠪ∙ᠳᠠᠯᠠᠶᠢᠪᠠᠶᠠᠷ᠂ 65 ᠺᠢᠯᠦᠭᠷᠡᠮ ᠳᠦ ᠭ∙ᠮᠠᠨᠳᠤᠬᠤᠨᠠᠷᠠᠨ᠂ ᠨ∙ᠯᠾᠠᠮᠤᠭᠠᠷᠮ᠎ᠠ᠂ ᠪ∙ᠪᠠᠲᠤᠮᠠᠩᠨᠠᠢ᠂ ᠪ∙ᠦᠰᠬᠦᠪᠠᠶᠠᠷ᠂ 70 ᠺᠢᠯᠦᠭᠷᠡᠮ ᠳᠦ ᠴ∙ᠰᠦᠷᠦᠩᠵᠡᠪ᠂ 74  ᠺᠢᠯᠦᠭᠷᠡᠮ ᠳᠦ ᠪ∙ᠪᠢᠮᠪᠠᠳᠣᠷᠵᠢ᠂ 86  ᠺᠢᠯᠦᠭᠷᠡᠮ ᠳᠦ ᠣ᠊∙ᠦᠢᠳᠦ᠋ᠮᠡᠨ᠂ ᠭ∙ᠭᠠᠩᠬᠤᠶᠠᠭ᠂ 125 ᠺᠢᠯᠦᠭᠷᠡᠮ ᠳᠦ ᠳ∙ᠬᠦᠳᠡᠷᠢᠪᠤᠯᠠᠭᠠᠨ ᠭᠡᠰᠡᠨ 11 ᠲᠠᠮᠢᠷᠴᠢᠨ ᠬᠦᠴᠦ ᠦᠵᠡᠨ᠎ᠡ᠃ ᠲᠡᠮᠡᠴᠡᠭᠡᠨ ᠢ ᠣᠯᠠᠨ ᠤᠯᠤᠰ ᠤᠨ ᠬᠣᠶᠠᠳᠤᠭᠠᠷ ᠵᠡᠷᠭᠡ ᠶᠢᠨ ᠰᠢᠭᠦᠭᠴᠢ ᠯ∙ᠪᠣᠯᠣᠷᠮ᠎ᠠ ᠳᠡᠩᠰᠡᠯᠡᠬᠦ ᠶᠤᠮ᠃ ᠰᠣᠨᠢᠷᠬᠠᠭᠤᠯᠬᠤ ᠳᠤ᠂ ᠭᠠᠪᠢᠶᠠᠲᠤ ᠲᠠᠮᠢᠷᠴᠢᠨ ᠭ∙ᠮᠠᠨᠳᠤᠬᠤᠨᠠᠷᠠᠨ 65 ᠺᠢᠯᠦᠭᠷᠡᠮ ᠤᠨ ᠵᠢᠩ ᠳᠦ ᠵᠣᠳᠣᠭᠯᠠᠨ᠎ᠠ᠃ ᠲᠡᠷᠡᠪᠡᠷ 2016 ᠣᠨ ᠤ ᠷᠢᠤ᠋ ᠶᠢᠨ ᠣᠯᠢᠮᠫ ᠤᠨ ᠨᠠᠭᠠᠳᠤᠮ ᠠᠴᠠ ᠬᠣᠶᠢᠰᠢ ᠭᠤᠷᠪᠠᠨ ᠵᠢᠯ ᠦᠨ ᠳᠠᠷᠠᠭ᠎ᠠ ᠬᠠᠭᠤᠴᠢᠨ ᠵᠢᠩ ᠳᠦ ᠪᠡᠨ ᠬᠦᠴᠦ ᠦᠵᠡᠬᠦ ᠪᠡᠷ ᠪᠣᠯᠵᠠᠢ᠃
ᠰᠣᠨᠢᠷᠬᠠᠭᠤᠯᠬᠤ ᠳᠤ᠂ ᠬᠠᠰᠠᠭᠰᠲ᠋ᠠᠨ ᠤ ᠲᠡᠮᠡᠴᠡᠭᠡᠨ ᠦ ᠠᠪᠤᠷᠭᠤ 4000᠂ ᠮᠥᠩᠭᠥ 2000᠂ ᠬᠦᠷᠡᠯ  ᠮᠸᠲᠠᠯᠲᠠᠨ 500 ᠳ᠋ᠣᠯᠯᠠᠷ ᠤᠨ ᠱᠠᠩᠨᠠᠯ ᠬᠦᠷᠲᠡᠨ᠎ᠡ ᠃

ᠰᠡᠳᠬᠢᠭᠳᠡᠯ ᠦᠯᠡᠳᠡᠭᠡᠬᠦ