ᠨ∙ᠲᠦᠪᠰᠢᠨᠪᠠᠶᠠᠷ ᠪᠤᠯᠠᠭᠠᠨ ᠤ ᠰᠠᠭᠰᠤᠨ ᠪᠥᠮᠪᠥᠭᠡ ᠶᠢᠨ ᠪᠠᠭ ᠤᠨ ᠡᠵᠡᠨ ᠪᠣᠯᠵᠠᠢ  | News.MN

ᠨ∙ᠲᠦᠪᠰᠢᠨᠪᠠᠶᠠᠷ ᠪᠤᠯᠠᠭᠠᠨ ᠤ ᠰᠠᠭᠰᠤᠨ ᠪᠥᠮᠪᠥᠭᠡ ᠶᠢᠨ ᠪᠠᠭ ᠤᠨ ᠡᠵᠡᠨ ᠪᠣᠯᠵᠠᠢ 

ᠭᠠᠪᠢᠶᠠᠲᠤ ᠲᠠᠮᠢᠷᠴᠢᠨ ᠨ∙ᠲᠦᠪᠰᠢᠨᠪᠠᠶᠠᠷ ᠪᠤᠯᠠᠭᠠᠨ ᠠᠶᠢᠮᠠᠭ ᠤᠨ ᠠᠩᠬᠠᠨ ᠤ ᠮᠡᠷᠭᠡᠵᠢᠯ ᠦᠨ ᠰᠠᠭᠰᠤᠨ ᠪᠦᠮᠪᠦᠭᠡ ᠶᠢᠨ ᠪᠠᠭ ᠢ ᠪᠠᠶᠢᠭᠤᠯᠵᠠᠢ᠃ ᠡᠨᠡ ᠰᠠᠷ᠎ᠠ ᠶᠢᠨ 16 ᠍ ᠳᠦ ᠡᠬᠢᠯᠡᠬᠦ 21 ᠠᠶᠢᠮᠠᠭ ᠤᠨ ᠦᠨᠳᠦᠰᠦᠨ ᠦ ᠯᠢᠭ ᠦᠨ ᠲᠡᠷᠢᠭᠦᠨ ᠬᠡᠰᠡᠭ ᠲᠦ ᠵᠢᠷᠭᠤᠭ᠎ᠠ᠂ ᠳᠡᠳ᠋ ᠬᠡᠰᠡᠭ ᠲᠦ 10 ᠪᠠᠭ ᠦᠷᠢᠰᠦᠯᠳᠦᠬᠦ ᠭᠡᠨ᠎ᠡ᠃  ᠮᠤᠩᠭᠤᠯ ᠤᠨ ᠦᠨᠳᠦᠰᠦᠨ ᠦ ᠰᠠᠭᠰᠤᠨ ᠪᠦᠮᠪᠦᠭᠡ ᠶᠢᠨ ᠬᠤᠯᠪᠤᠭᠠᠨ ᠠᠴᠠ ᠵᠣᠬᠢᠶᠠᠨ ᠪᠠᠶᠢᠭᠤᠯᠬᠤ ᠲᠤᠰ ᠯᠢᠭ ᠦᠨ ᠲᠡᠷᠢᠭᠦᠨ ᠬᠡᠰᠡᠭ ᠲᠦ ︽ᠠᠷᠤᠬᠠᠩᠭᠠᠢ ᠠᠯᠲᠠᠨ ᠳᠣᠷᠣᠨᠠᠲᠤ ᠶᠢᠨ ᠳᠠᠶᠢᠴᠢᠳ︾᠂ ︽ᠬᠣᠪᠳᠣ ᠱᠣᠩᠬᠣᠷ ᠤᠳ︾᠂  ︽ᠥᠪᠦᠷᠬᠠᠩᠭᠠᠢ ᠲᠡᠨᠢᠭᠦᠨ-ᠥᠯᠵᠡᠢ︾᠂  ︽ᠰᠦᠬᠡᠪᠠᠭᠠᠲᠤᠷ ᠳᠠᠷᠢᠭᠠᠩᠭ᠎ᠠ ᠠᠯᠢᠶᠠᠨᠰ ᠲᠸᠾ ᠬᠠᠷᠴᠠᠭᠠᠢ︾᠂  ︽ᠪᠠᠶᠠᠨᠬᠣᠩᠭᠣᠷ ᠮᠠᠵᠠᠭᠠᠯᠠᠢ︾᠂ ︽ᠤᠯᠠᠭᠠᠨᠪᠠᠭᠠᠲᠤᠷ ᠡᠨᠧᠷᠭᠢ︾ ᠪᠠᠭ ᠤᠨ ᠬᠢᠨ ᠥᠷᠢᠰᠥᠯᠳᠥᠬᠦ ᠪᠣᠯ ᠳᠡᠳ᠋ ᠬᠡᠰᠡᠭ ᠲᠦ ᠵᠠᠪᠬᠠᠨ᠂ ᠪᠤᠯᠠᠭᠠᠨ᠂ ᠤᠪᠰᠤ ᠲᠡᠷᠢᠭᠦᠲᠡᠢ 10 ᠠᠶᠢᠮᠠᠭ ᠤᠨ ᠰᠠᠭᠰᠤᠨ ᠪᠥᠮᠪᠦᠭᠡᠴᠢᠳ ᠣᠷᠣᠯᠴᠠᠨ᠎ᠠ ᠭᠡᠳᠡᠭ ᠢ ᠮᠤᠩᠭᠤᠯ ᠤᠨ ᠦᠨᠳᠦᠰᠦᠨ ᠦ ᠰᠠᠭᠰᠤᠨ ᠪᠦᠮᠪᠦᠭᠡ ᠶᠢᠨ ᠬᠤᠯᠪᠤᠭᠠᠨ ᠍ ᠤ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠰ∙ᠲᠤᠯᠭ᠎ᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ