︽ᠣᠷᠣᠰ ᠤᠨ ᠲᠡᠮᠦᠷ ᠵᠠᠮ ᠤᠳ︾ ᠵᠠᠭᠦᠨᠪᠠᠶᠠᠨ ‍ᠣ ᠲᠡᠮᠦᠷ ᠵᠠᠮ ᠤᠨ ᠠᠵᠢᠯ ᠳᠤ ᠤᠷᠤᠯᠴᠠᠨ᠎ᠠ | News.MN

 ︽ᠣᠷᠣᠰ ᠤᠨ ᠲᠡᠮᠦᠷ ᠵᠠᠮ ᠤᠳ︾ ᠵᠠᠭᠦᠨᠪᠠᠶᠠᠨ ‍ᠣ ᠲᠡᠮᠦᠷ ᠵᠠᠮ ᠤᠨ ᠠᠵᠢᠯ ᠳᠤ ᠤᠷᠤᠯᠴᠠᠨ᠎ᠠ

 

ᠵᠠᠮ ᠲᠡᠭᠡᠭᠡᠪᠦᠷᠢ ᠶᠢᠨ ᠬᠥᠭᠵᠢᠯ ᠦᠨ ᠶᠠᠮᠤᠨ ᠤ ᠰᠠᠶᠢᠳ ᠪ∙ᠡᠩᠬᠡ-ᠠᠮᠤᠭᠤᠯᠠᠩ ︽ᠣᠷᠣᠰ ᠤᠨ ᠲᠡᠮᠦᠷ ᠵᠠᠮ ᠤᠳ︾ ᠺᠤᠮᠫᠠᠨᠢ ᠶᠢᠨ ᠰᠠᠯᠪᠤᠷᠢ ᠺᠣᠮᠫᠠᠨᠢ ᠪᠣᠯᠬᠤ ᠷᠵᠳ᠋ ᠢᠨᠲᠸᠷᠨᠧᠱᠨᠧᠯ ᠦᠨ ᠳᠠᠷᠤᠭ᠎ᠠ ᠰ∙ᠠ᠊∙ᠫᠠᠸ᠋ᠯᠤᠪ  ᠢ ᠬᠦᠯᠢᠶᠡᠨ ᠠᠪᠴᠤ ᠠᠭᠤᠯᠵᠠᠯ᠎ᠠ᠃ ᠠᠭᠤᠯᠵᠠᠯᠲᠠ ᠶᠢᠨ ᠡᠬᠢᠨ ᠳᠦ ᠲᠡᠷᠡ ᠲᠠᠪᠤᠨᠲᠤᠯᠤᠭᠠᠢ ᠵᠡᠭᠦᠨᠪᠠᠶᠠᠨ ᠴᠢᠭᠯᠡᠯ ᠦᠨ 414.6 ᠺᠢᠯᠣᠮᠧᠲ᠋ᠷ ᠲᠡᠮᠦᠷ ᠵᠠᠮ ᠤᠨ ᠪᠦᠲᠦᠭᠡᠨ ᠪᠠᠶᠢᠭᠤᠯᠤᠯᠲᠠ ᠶᠢᠨ ᠠᠵᠢᠯ ᠤᠨ ᠲᠠᠯ᠎ᠠ ᠪᠠᠷ ᠮᠡᠳᠡᠭᠡᠯᠡᠯ ᠥᠭᠴᠦ᠂ ᠥᠩᠭᠡᠷᠡᠭᠴᠢ 7 ᠬᠣᠨᠣᠭ ᠲᠤ ᠮᠣᠰᠺᠸᠠ ᠬᠤᠲᠠ ᠳᠤ ᠠᠵᠢᠯ ᠤᠨ ᠠᠶᠢᠯᠴᠢᠯᠠᠯ ᠬᠢᠬᠦ ᠦᠶ᠎ᠡ ᠪᠡᠷ ᠢᠶᠡᠨ ︽ᠣᠷᠣᠰ ᠤᠨ ᠲᠡᠮᠦᠷ ᠵᠠᠮ ᠤᠳ ︾ ᠦᠨ ᠭᠦᠢᠴᠡᠳᠭᠡᠬᠦ ᠵᠠᠬᠢᠷᠤᠯ ᠣ᠊∙ᠸ∙ ᠪᠸᠯᠤᠽᠶᠤᠷᠤᠪ ᠲᠠᠢ ᠬᠢᠭᠰᠡᠨ ᠠᠭᠤᠯᠵᠠᠯᠲᠠ ᠶᠢᠨ ᠲᠠᠯ᠎ᠠ ᠪᠠᠷ ᠳᠤᠷᠠᠳᠪᠠ᠃
ᠰ∙ᠠ᠊∙ᠫᠠᠸ᠋ᠯᠤᠪ ᠵᠡᠭᠦᠨᠪᠠᠶᠠᠨ ᠴᠢᠭᠯᠡᠯ ᠦᠨ ᠲᠡᠮᠦᠷ ᠵᠠᠮ ᠤᠨ ᠪᠠᠷᠢᠯᠭ᠎ᠠ ᠶᠢᠨ ᠠᠵᠢᠯ ᠳᠤ ︽ᠣᠷᠣᠰ ᠤᠨ ᠲᠡᠮᠦᠷ ᠵᠠᠮ ᠤᠳ︾ ᠤᠷᠤᠯᠴᠠᠬᠤ᠂ ᠢᠩᠭᠢᠬᠦ ᠳᠦ ᠪᠡᠨ ᠭᠦᠭᠦᠷᠭᠡ᠂ ᠬᠣᠭᠣᠯᠠᠢ ᠶᠢᠨ ᠵᠢᠷᠤᠭ ᠲᠥᠰᠥᠯ ᠪᠣᠯᠪᠠᠰᠤᠷᠠᠭᠤᠯᠬᠤ᠂  ᠷᠸᠯᠢᠰ ᠲᠡᠮᠦᠷ ᠨᠡᠶᠢᠯᠡᠭᠦᠯᠬᠦ᠂ ᠳᠡᠭᠡᠳᠦ ᠪᠦᠲᠦᠴᠡ ᠶᠢᠨ ᠮᠧᠨᠧᠵᠮᠧᠨᠲ ᠦᠨ ᠤᠳᠤᠷᠢᠳᠤᠯᠭ᠎ᠠ ᠶᠢ ᠬᠡᠷᠡᠭᠵᠢᠭᠦᠯᠬᠦ ᠳᠦ ︽ᠤᠯᠠᠭᠠᠨᠪᠠᠭᠠᠲᠤᠷ ᠲᠡᠮᠦᠷ ᠵᠠᠮ︾ ᠳᠤ ᠳᠡᠮᠵᠢᠯᠭᠡ ᠦᠵᠡᠭᠦᠯᠬᠦ  ᠬᠦᠰᠡᠯᠲᠡ ᠪᠡᠨ ᠤᠯᠠᠮᠵᠢᠯᠠᠯ᠎ᠠ᠃  ᠪ∙ᠡᠩᠬᠡ-ᠠᠮᠤᠭᠤᠯᠠᠩ ᠰᠠᠶᠢᠳ  ︽ᠤᠯᠠᠭᠠᠨᠪᠠᠭᠠᠲᠤᠷ ᠤᠨ ᠲᠡᠮᠦᠷ ᠵᠠᠮ ︾᠂  ︽ᠣᠷᠣᠰ ᠤᠨ ᠲᠡᠮᠦᠷ ᠵᠠᠮ ᠤᠳ ︾ ᠬᠣᠶᠠᠷ ᠪᠠᠶᠢᠭᠤᠯᠤᠯᠭ᠎ᠠ ᠨᠢ ᠳᠡᠭᠡᠷᠡᠬᠢ ᠴᠢᠭᠯᠡᠯ ᠦᠳ ᠲᠦ ᠤᠷᠤᠯᠴᠠᠭᠰᠠᠨ ᠢᠶᠠᠷ ᠮᠣᠩᠭᠣᠯ ᠤᠨ ᠲᠡᠮᠦᠷ ᠵᠠᠮ ᠤᠨ ᠰᠠᠯᠪᠤᠷᠢ ᠶᠢᠨ ᠪᠣᠯᠪᠠᠰᠤᠨ ᠬᠦᠴᠦᠨ ᠢ ᠴᠢᠳᠠᠪᠬᠢᠵᠢᠭᠤᠯᠬᠤ ᠳᠤ ᠴᠢᠬᠤᠯᠠ ᠡᠭᠦᠷᠭᠡ ᠭᠦᠢᠴᠡᠳᠭᠡᠨ᠎ᠡ ᠬᠡᠮᠡᠨ ᠦᠵᠡᠵᠦ ᠪᠠᠶᠢᠭ᠎ᠠ ᠪᠠᠨ ᠣᠨᠴᠠᠯᠠᠨ ᠲᠡᠮᠳᠡᠭᠯᠡᠪᠡ᠃

ᠰᠡᠳᠬᠢᠭᠳᠡᠯ ᠦᠯᠡᠳᠡᠭᠡᠬᠦ