ᠮᠥᠷᠥᠢ ᠲᠡᠢ ᠲᠣᠭᠯᠠᠭᠰᠠᠨ ᠭᠡᠬᠦ ᠭᠡᠰᠢᠭᠦᠳ ᠤᠨ ᠲᠠᠯ᠎ᠠ ᠪᠠᠷ ᠶᠠᠷᠢᠭᠳᠠᠭ᠎ᠠ ᠦᠭᠡᠢ  | News.MN

ᠮᠥᠷᠥᠢ ᠲᠡᠢ ᠲᠣᠭᠯᠠᠭᠰᠠᠨ ᠭᠡᠬᠦ ᠭᠡᠰᠢᠭᠦᠳ ᠤᠨ ᠲᠠᠯ᠎ᠠ ᠪᠠᠷ ᠶᠠᠷᠢᠭᠳᠠᠭ᠎ᠠ ᠦᠭᠡᠢ 

ᠵᠠᠰᠠᠭ ᠤᠨ ᠭᠠᠵᠠᠷ ᠤᠨ ᠬᠤᠷᠠᠯᠳᠤᠭᠠᠨ ᠢᠶᠠᠷ ᠬᠡᠯᠡᠯᠴᠡᠭᠰᠡᠨ ᠠᠰᠠᠭᠤᠳᠠᠯ ᠤᠨ ᠲᠠᠯ᠎ᠠ ᠪᠠᠷ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠯ∙ᠣᠶᠤᠨ-ᠡᠷᠳᠡᠨᠢ ᠮᠡᠳᠡᠭᠡᠯᠡᠯ ᠬᠢᠭᠰᠡᠨ᠃ ᠲᠡᠷᠡᠪᠡᠷ ᠭᠠᠶᠢᠯᠢ ᠶᠢᠨ ᠶᠡᠷᠦᠩᠬᠡᠢ ᠭᠠᠵᠠᠷ ᠤᠨ ᠳᠡᠳ᠋ ᠳᠠᠷᠤᠭ᠎ᠠ ᠶᠣ᠊ ∙ᠪᠠᠲᠤ-ᠡᠷᠳᠡᠨᠢ᠂ ᠮᠣᠩᠭᠣᠯ ᠤᠨ ᠢᠷᠭᠡᠨ ᠦ ᠠᠭᠠᠷ ᠤᠨ ᠲᠡᠭᠡᠭᠡᠪᠦᠷᠢ ᠲᠥᠷᠥ ᠶᠢᠨ ᠥᠮᠴᠢ ᠶᠢᠨ ᠬᠤᠪᠢᠴᠠᠭᠠᠲᠤ ᠺᠣᠮᠫᠠᠨᠢ ᠦᠨ ᠰᠸᠦ᠋ᠯ ᠳ᠋ᠡᠬᠢ ᠲᠥᠯᠥᠭᠡᠯᠡᠭᠴᠢ ᠶᠢᠨ ᠭᠠᠵᠠᠷ ᠤᠨ ᠠᠵᠢᠯᠲᠠᠨ ᠰ∙ᠪᠠᠭᠠᠲᠤᠷᠴᠤᠭᠲᠤ ᠨᠠᠷ ᠢ ᠮᠥᠷᠥᠢ ᠲᠡᠢ ᠲᠣᠭᠯᠠᠵᠤ ᠂ ︽ᠲᠥᠷᠥ ᠶᠢᠨ ᠠᠯᠪᠠᠨ ᠤ ᠲᠤᠬᠠᠢ︾ ᠬᠠᠤᠯᠢ ᠵᠥᠷᠢᠴᠡᠭᠰᠡᠨ ᠲᠤᠯᠠ ᠰᠠᠯᠪᠤᠷᠢ ᠶᠢᠨ ᠰᠠᠶᠢᠳ ᠨᠠᠷ ᠲᠤ ᠡᠭᠦᠷᠭᠡᠲᠦ ᠠᠵᠢᠯ ᠠᠴᠠ ᠨᠢ ᠴᠢᠯᠦᠭᠡᠯᠡᠬᠦ ᠶᠢ ᠳᠠᠭᠠᠭᠠᠯᠭᠠᠭᠰᠠᠨ ᠲᠤᠬᠠᠢ ᠮᠡᠳᠡᠭᠡᠯᠡᠭᠰᠡᠨ ᠶᠤᠮ᠃
ᠮᠥᠷᠥᠢ ᠲᠡᠢ ᠲᠣᠭᠯᠠᠵᠤ ᠪᠠᠶᠢᠭᠠᠳ ᠪᠠᠷᠢᠭᠳᠠᠭᠰᠠᠨ ᠭᠡᠬᠦ ᠬᠣᠶᠠᠷ ᠭᠡᠰᠢᠭᠦᠨ ᠦ ᠠᠰᠠᠭᠤᠳᠠᠯ ᠬᠡᠳᠦᠬᠡᠨ ᠬᠣᠨᠣᠭ ᠤᠨ ᠡᠮᠦᠨ᠎ᠡ ᠬᠡᠪᠯᠡᠯ ᠢᠶᠡᠷ ᠮᠡᠳᠡᠭᠡᠯᠡᠭᠳᠡᠵᠦ ᠪᠠᠶᠢᠭᠰᠠᠨ ᠴᠤ ᠡᠭᠦᠨ ᠢ ᠬᠣᠯᠪᠣᠭᠳᠠᠬᠤ ᠪᠠᠶᠢᠭᠤᠯᠤᠯᠭ᠎ᠠ ᠨᠤᠭᠤᠳ ᠦᠭᠡᠶᠢᠰᠬᠡᠭᠰᠡᠨ᠃ ᠯ∙ᠣᠶᠤᠨ-ᠡᠷᠳᠡᠨᠢ ᠰᠠᠶᠢᠳ ᠢ ᠥᠨᠥᠳᠥᠷ ᠦᠨ ᠮᠡᠳᠡᠭᠡᠯᠡᠯ ᠢᠶᠡᠷ ᠢᠶᠡᠨ ᠮᠥᠷᠥᠢ ᠲᠡᠢ ᠲᠣᠭᠯᠠᠭᠰᠠᠨ ᠭᠡᠰᠢᠭᠦᠳ ᠤᠨ ᠨᠡᠷ᠎ᠡ ᠶᠢ ᠵᠠᠷᠯᠠᠨ᠎ᠠ ᠭᠡᠵᠦ ᠪᠠᠶᠢᠭᠰᠠᠨ ᠴᠤ ᠥᠭᠡᠷ᠎ᠡ ᠬᠦᠮᠦᠰ ᠲᠦ ᠬᠠᠷᠢᠭᠤᠴᠠᠯᠭ᠎ᠠ ᠲᠣᠭᠠᠴᠠᠬᠤ ᠪᠣᠯᠤᠭᠰᠠᠨ ᠢ ᠮᠡᠳᠡᠭᠳᠡᠪᠡ᠃ ᠡᠭᠦᠨ ᠳᠦ  ᠵᠠᠮ ᠲᠡᠭᠡᠭᠡᠪᠤᠷᠢ ᠶᠢᠨ ᠬᠦᠭᠵᠢᠯ ᠦᠨ ᠶᠠᠮᠤᠨ ᠤ᠍  ᠰᠠᠶᠢᠳ ᠯ∙ᠡᠩᠬᠡ-ᠠᠮᠤᠭᠤᠯᠠᠩ ᠠᠴᠠ ᠲᠣᠳᠣᠷᠠᠭᠤᠯᠤᠯ᠎ᠠ᠃ ᠲᠡᠷᠡᠪᠡᠷ᠄ ᠢᠷᠭᠡᠳ ᠡᠴᠡ ᠢᠷᠡᠭᠦᠯᠦᠭᠰᠡᠨ ᠮᠡᠳᠡᠭᠡᠯᠡᠯ ᠢ ᠦᠨᠳᠦᠰᠦᠯᠡᠵᠦ ᠂ ᠶᠣᠰᠣ ᠵᠦᠢ ᠶᠢᠨ ᠠᠯᠳᠠᠭ᠎ᠠ ᠭᠠᠷᠭᠠᠭᠰᠠᠨ ᠬᠣᠶᠠᠷ ᠠᠯᠪᠠᠨ ᠬᠠᠭᠠᠭᠴᠢ ᠳᠤ ᠬᠠᠷᠢᠭᠤᠴᠠᠯᠭ᠎ᠠ ᠲᠣᠭᠠᠴᠠᠨ ᠴᠢᠯᠦᠭᠡᠯᠡᠬᠦ ᠪᠡᠷ ᠪᠣᠯᠵᠤ ᠪᠠᠶᠢᠨ᠎ᠠ᠃ ᠬᠠᠷᠢᠨ ᠬᠣᠶᠠᠷ ᠭᠡᠰᠢᠭᠦᠨ ᠮᠥᠷᠥᠢ ᠲᠡᠢ ᠲᠣᠭᠯᠠᠭᠰᠠᠨ ᠭᠡᠬᠦ ᠠᠰᠠᠭᠤᠳᠠᠯ ᠣᠭᠲᠣ ᠶᠠᠷᠢᠭᠳᠠᠭ᠎ᠠ ᠦᠭᠡᠢ ᠭᠡᠯ᠎ᠡ᠃

ᠰᠡᠳᠬᠢᠭᠳᠡᠯ ᠦᠯᠡᠳᠡᠭᠡᠬᠦ