ᠡᠡ‍᠎ ᠨᠠᠮ 800 ᠬᠢᠲᠠᠳ ᠤᠨ ᠠᠰᠠᠭᠤᠳᠠᠯ ᠢᠶᠠᠷ ᠱᠠᠭᠠᠷᠳᠠᠯᠭ᠎ᠠ ᠬᠦᠷᠭᠡᠭᠦᠯᠦᠯ᠎ᠡ  | News.MN

ᠡᠡ‍᠎ ᠨᠠᠮ 800 ᠬᠢᠲᠠᠳ ᠤᠨ ᠠᠰᠠᠭᠤᠳᠠᠯ ᠢᠶᠠᠷ ᠱᠠᠭᠠᠷᠳᠠᠯᠭ᠎ᠠ ᠬᠦᠷᠭᠡᠭᠦᠯᠦᠯ᠎ᠡ 

ᠤᠯᠤᠰ ᠤᠨ ᠶᠡᠬᠡ ᠬᠤᠷᠠᠯ ᠳ᠋ᠡᠬᠢ ᠠᠷᠠᠳᠴᠢᠯᠠᠭᠰᠠᠨ ᠨᠠᠮ ᠤᠨ ᠵᠥᠪᠯᠡᠯ ᠡᠴᠡ ᠮᠣᠩᠭᠣᠯ ᠤᠯᠤᠰ ᠤᠨ ᠶᠡᠷᠦᠩᠬᠡᠢ ᠰᠠᠶᠢᠳ ᠤ᠊∙ᠬᠦᠷᠡᠯᠰᠦ᠋ᠬᠡ ᠳᠦ ᠱᠠᠭᠠᠷᠳᠠᠯᠭ᠎ᠠ ᠬᠦᠷᠭᠡᠭᠦᠯᠦᠯ᠎ᠡ᠃ ᠱᠠᠭᠠᠷᠳᠠᠯᠭ᠎ᠠ ᠳᠤ᠄ᠮᠣᠩᠭᠣᠯ ᠤᠯᠤᠰ ᠲᠤ ᠵᠣᠬᠢᠶᠠᠨ ᠪᠠᠶᠢᠭᠤᠯᠤᠯᠲᠠ ᠲᠠᠢ ᠪᠠᠷ ᠴᠠᠬᠢᠮ ᠰᠦᠯᠵᠢᠶ᠎ᠡ ᠲᠡᠢ ᠬᠣᠯᠪᠣᠭᠳᠠᠯ ᠲᠠᠢ ᠠᠰᠠᠭᠤᠳᠠᠯ ᠢᠶᠠᠷ ᠭᠡᠮᠲᠦ ᠪᠦᠯᠦᠭᠯᠡᠯ ᠪᠠᠶᠢᠭᠤᠯᠬᠤ ᠪᠠᠷ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ 799 ᠢᠷᠭᠡᠨ ᠤᠯᠠᠭᠠᠨᠪᠠᠭᠠᠲᠤᠷ ᠬᠣᠲᠠ ᠶᠢᠨ ᠨᠡᠷ᠎ᠡ ᠪᠦᠬᠦᠢ ᠵᠣᠴᠢᠳ ᠪᠠᠭᠤᠳᠠᠯ ᠤᠳ ᠲᠤ ᠪᠠᠶᠢᠷᠢᠯᠠᠵᠤ᠂ ᠵᠣᠬᠢᠶᠠᠨ ᠪᠠᠶᠢᠭᠤᠯᠤᠯᠲᠠ ᠲᠠᠢ ᠪᠠᠷ ᠬᠠᠤᠯᠢ ᠪᠤᠰᠤ ᠦᠢᠯᠡ ᠠᠵᠢᠯᠯᠠᠭ᠎ᠠ ᠶᠠᠪᠤᠭᠤᠯᠤᠭᠰᠠᠨ ᠪᠠᠶᠢᠨ᠎ᠠ᠃
ᠡᠶᠢᠮᠦ ᠳᠦ ᠮᠣᠩᠭᠣᠯ ᠤᠯᠤᠰ ᠤᠨ ᠦᠨᠳᠦᠰᠦᠨ ᠦ ᠠᠶᠤᠯᠭᠦᠢ ᠪᠠᠶᠢᠳᠠᠯ᠂ ᠲᠤᠰᠠᠭᠠᠷ ᠲᠣᠭᠲᠠᠨᠢᠯ ᠳᠤ ᠠᠶᠤᠯ ᠵᠠᠨᠤᠯ ᠤᠴᠠᠷᠠᠭᠤᠯᠬᠤᠶᠢᠴᠠ ᠭᠡᠮᠲᠦ ᠬᠡᠷᠡᠭ ᠦᠨ ᠰᠢᠨᠵᠢᠲᠡᠢ ᠦᠢᠯᠡᠳᠦᠯ ᠬᠢᠬᠦ ᠪᠡᠷ ᠣᠷᠣᠵᠤ ᠢᠷᠡᠭᠰᠡᠨ ᠭᠠᠳᠠᠭᠠᠳᠤ ᠶᠢᠨ ᠢᠷᠭᠡᠳ ᠲᠦ  ᠸᠢᠽ ᠢ ᠪᠥᠭᠡᠮ ᠢᠶᠡᠷ ᠨᠢ ᠣᠯᠭᠤᠭᠰᠠᠨ᠂ ᠣᠷᠣᠨ ᠪᠠᠶᠢᠷᠢ᠂ ᠲᠧᠭᠨᠢᠭ ᠲᠣᠨᠣᠭ ᠲᠥᠬᠥᠭᠡᠷᠦᠮᠵᠢ ᠪᠡᠷ ᠬᠠᠩᠭᠠᠭᠰᠠᠨ᠂ ᠡᠭᠦᠷᠭᠡ ᠴᠢᠭᠯᠡᠯ ᠥᠭᠭᠦᠭᠰᠡᠨ᠂ ᠲᠡᠭᠦᠨᠴᠢᠯᠡᠨ ᠳᠡᠭᠡᠷᠡᠬᠢ ᠢᠷᠭᠡᠳ ᠶᠠᠮᠠᠷ ᠦᠢᠯᠡ ᠠᠵᠢᠯᠯᠠᠭ᠎ᠠ ᠶᠠᠪᠤᠭᠤᠯᠤᠭᠰᠠᠨ᠂ ᠮᠠᠨ ᠤ ᠤᠯᠤᠰ ᠲᠤ ᠶᠠᠮᠠᠷ ᠭᠡᠮ ᠬᠣᠣᠷ ᠤᠴᠠᠷᠠᠭᠤᠯᠤᠭᠰᠠᠨ ᠵᠡᠷᠭᠡ ᠨᠥᠬᠥᠴᠡᠯ ᠪᠠᠶᠢᠳᠠᠯ ᠢ ᠨᠡᠩ ᠰᠢᠭᠤᠷᠬᠠᠢ ᠰᠢᠯᠭᠠᠬᠤ᠂ ᠬᠠᠷᠢᠭᠤᠴᠠᠯᠭ᠎ᠠ ᠠᠯᠳᠠᠭᠰᠠᠨ ᠬᠣᠯᠪᠣᠭᠳᠠᠬᠤ ᠠᠯᠪᠠᠨ  ᠲᠤᠰᠢᠶᠠᠯᠲᠠᠳ ᠲᠤ ᠬᠠᠷᠢᠭᠤᠴᠠᠯᠭ᠎ᠠ ᠲᠣᠭᠠᠴᠠᠬᠤ᠂ ᠭᠠᠳᠠᠭᠠᠳᠤ ᠶᠢᠨ ᠢᠷᠭᠡᠨ ᠬᠠᠷᠢᠶᠠᠲᠤ ᠶᠢᠨ ᠠᠰᠠᠭᠤᠳᠠᠯ ᠢᠶᠠᠷ ᠤᠳᠤᠷᠢᠳᠤᠯᠭ᠎ᠠ᠂ ᠵᠣᠬᠢᠶᠠᠨ ᠪᠠᠶᠢᠭᠤᠯᠤᠯᠲᠠ᠂ ᠪᠦᠲᠦᠴᠡ ᠡᠷᠬᠡ ᠵᠦᠢ ᠶᠢᠨ ᠣᠷᠴᠢᠨ ᠢ ᠳᠠᠬᠢᠨ ᠨᠢᠭᠲᠠᠯᠠᠵᠤ᠂ ᠬᠣᠯᠪᠣᠭᠳᠠᠬᠤ ᠥᠭᠡᠷᠡᠴᠢᠯᠡᠯᠲᠡ ᠶᠢ ᠨᠡᠩ ᠳᠠᠷᠤᠢ ᠬᠢᠬᠦ ᠠᠵᠢᠯ ᠢ ᠶᠠᠭᠠᠷᠠᠯᠲᠠᠢ ᠠᠪᠴᠤ ᠬᠡᠷᠡᠭᠵᠢᠭᠦᠯᠬᠦ ᠶᠢ ᠱᠠᠭᠠᠷᠳᠠᠵᠤ ᠪᠠᠶᠢᠨ᠎ᠠ ᠭᠡᠵᠡᠢ᠃

ᠰᠡᠳᠬᠢᠭᠳᠡᠯ ᠦᠯᠡᠳᠡᠭᠡᠬᠦ