ᠤᠯᠠᠭᠠᠨᠪᠠᠭᠠᠲᠤᠷ ᠬᠤᠲᠠ ᠳᠤ 10 ᠳ᠋ᠤᠭᠠᠷ ᠰᠠᠷ᠎ᠠ ᠶᠢᠨ 24-29 ᠳᠤ ᠮᠣᠩᠭᠣᠯ ᠤᠨ ᠬᠠᠷᠠᠭ᠎ᠠ ᠦᠭᠡᠶᠢᠴᠤᠳ ᠦᠨ ᠬᠣᠯᠪᠣᠭᠠᠨ ᠤ ᠨᠡᠷᠡᠮᠵᠢᠲᠦ ᠰᠫᠣᠷᠲ ᠤᠨ ᠶᠡᠬᠡ ᠨᠠᠭᠠᠳᠤᠮ ᠪᠣᠯᠤᠭᠰᠠᠨ ᠪᠠᠶᠢᠨ᠎ᠠ᠃ 4 ᠵᠢᠯ ᠳᠦ ᠨᠢᠭᠡ ᠤᠳᠠᠭ᠎ᠠ ᠪᠣᠯᠳᠠᠭ ᠲᠤᠰ ᠨᠠᠭᠠᠳᠤᠮ ᠳᠤ ᠳᠠᠷᠬᠠᠨ-ᠠᠭᠤᠯᠠ ᠠᠶᠢᠮᠠᠭ ᠤᠨ 6 ᠲᠠᠮᠢᠷᠴᠢᠨ ᠣᠷᠣᠯᠴᠠᠵᠤ ᠪᠠᠭ ᠤᠨ ᠳ᠋ᠦᠩ ᠢᠶᠡᠷ ᠢᠶᠡᠨ 6 ᠳ᠋ᠤᠭᠠᠷ ᠪᠠᠶᠢᠷᠢ ᠳᠤ ᠣᠷᠣᠵᠠᠢ᠃
ᠨᠡᠶᠢᠲᠡ ᠳᠦ ᠪᠡᠨ 9 ᠠᠶᠢᠮᠠᠭ ᠤᠨ 23 ᠪᠠᠭ ᠲᠠᠮᠢᠷᠴᠢᠳ ᠣᠷᠣᠯᠴᠠᠭᠰᠠᠨ ᠡᠨᠡᠬᠦ ᠨᠠᠭᠠᠳᠤᠮ ᠤᠨ ᠵᠢᠦᠳᠤ᠋ ᠪᠥᠬᠡ ᠶᠢᠨ ᠲᠥᠷᠥᠯ ᠳᠦ ᠪ∙ᠴᠢᠩᠪᠠᠶᠠᠷ ᠬᠦᠷᠡᠯ ᠮᠧᠳᠠᠯ᠂ ᠨᠠᠷᠠᠨᠪᠠᠶᠠᠷ ᠮᠥᠩᠭᠥᠨ ᠮᠧᠳᠠᠯ᠂ ᠨ ∙ ᠤᠨᠳᠤᠷᠬᠤᠰᠠᠶᠢᠬᠠᠨ ᠠᠯᠲᠠᠨ ᠮᠧᠳᠠᠯ ᠬᠦᠷᠲᠡᠵᠡᠢ᠃ ᠬᠠᠷᠢᠨ ᠱ∙ᠤᠶᠤᠨᠪᠠᠲᠤ ᠱᠤ ᠳᠠᠭᠠᠮ ᠤᠨ ᠲᠥᠷᠥᠯ ᠳᠦ ᠬᠦᠷᠡᠯ ᠮᠧᠳᠠᠯ᠂ ᠪᠤᠯᠠᠭᠠᠨ 100 ᠪᠠᠭᠤᠳᠠᠯᠳᠤ ᠳᠠᠭᠠᠮ ᠤᠨ ᠲᠥᠷᠥᠯ ᠳᠦ ᠮᠥᠩᠭᠥᠨ ᠮᠧᠳᠠᠯ᠂ ᠱᠤ ᠳᠠᠭᠠᠮ ᠤᠨ ᠲᠥᠷᠥᠯ ᠳᠦ ᠬᠦᠷᠡᠯ ᠮᠧᠳᠠᠯ᠂ ᠼ∙ᠣᠷᠬᠣᠨ ᠰᠢᠲᠠᠷ᠎ᠠ ᠶᠢᠨ ᠲᠥᠷᠥᠯ ᠳᠦ ᠠᠯᠲᠠᠨ ᠮᠧᠳᠠᠯ ᠬᠦᠷᠲᠡᠭᠰᠡᠨ ᠠᠮᠵᠢᠯᠲᠠ ᠶᠢ ᠦᠵᠡᠭᠦᠯᠵᠡᠢ᠃