Guys ᠬᠠᠮᠲᠤᠯᠢᠭ ᠤᠨ ᠳ∙ᡀᠠᠭᠪᠠ ᠠ᠊∙ᠬᠡᠰᠢᠭᠳᠠᠯᠠᠢ ᠶᠢ ᠰᠣᠩᠭᠣᠵᠠᠢ  | News.MN

Guys ᠬᠠᠮᠲᠤᠯᠢᠭ ᠤᠨ ᠳ∙ᡀᠠᠭᠪᠠ ᠠ᠊∙ᠬᠡᠰᠢᠭᠳᠠᠯᠠᠢ ᠶᠢ ᠰᠣᠩᠭᠣᠵᠠᠢ 

ᠮᠣᠩᠭᠣᠯ ᠤᠨ ᠷᠣᠺ ᠫᠣᠫ ᠤᠷᠠᠯᠢᠭ ᠲᠤ ᠥᠪᠡᠷᠰᠡᠳ ᠦᠨ ᠣᠷᠣᠨ ᠵᠠᠢ ᠶᠢ ᠪᠤᠢ ᠪᠣᠯᠭᠠᠭᠰᠠᠨ Guys ᠬᠠᠮᠲᠤᠯᠢᠭ ᠤᠨ ᠵᠠᠯᠠᠭᠤᠰ ᠰᠡᠭᠦᠯ ᠦᠨ ᠵᠢᠯ ᠦᠳ ᠲᠦ ᠳᠠᠭᠤᠴᠢᠨ ᠭᠡᠬᠦ ᠡᠴᠡ ᠪᠡᠨ ᠢᠯᠡᠭᠦᠦ ᠺᠢᠨᠣ᠋ ᠤᠷᠠᠯᠢᠭ ᠲᠤ ᠬᠦᠴᠦ ᠦᠵᠡᠬᠦ ᠪᠣᠯᠤᠭᠰᠠᠨ ᠃ Guys ᠬᠠᠮᠲᠤᠯᠢᠭ ᠤᠨ ᠳᠠᠭᠤᠴᠢᠨ ᠳ∙ᡀᠠᠭᠪᠠ 2010 ᠣᠨ ᠳᠤ ᠥᠪᠡᠷ ᠦᠨ ᠨᠡᠷ᠎ᠡ ᠶᠢ ᠲᠣᠪᠴᠢᠯᠠᠭᠰᠠᠨ LVA ᠨᠡᠷ᠎ᠡ ᠲᠡᠢ ᠡᠩᠲ᠋ᠧᠷᠲᠠᠶᠢᠨᠮᠧᠨᠲ ᠢᠶᠠᠨ ᠪᠠᠶᠢᠭᠤᠯᠵᠤ᠂ ᠠᠩᠬᠠᠨ ᠤ  ︽ᠠᠮᠢᠳᠤᠷᠠᠯ ᠲᠥᠰᠥᠯ︾ ᠺᠢᠨᠣᠨ ᠤ ᠪᠠᠨ ᠭᠣᠣᠯ ᠳᠦᠷᠢ ᠳᠦ ᠨᠢ ᠲᠣᠭᠯᠠᠨ ᠂ ᠤᠳᠤᠷᠢᠳᠤᠭᠠᠴᠢ ᠪᠠᠷ ᠨᠢ ᠠᠵᠢᠯᠯᠠᠵᠤ ᠪᠠᠶᠢᠭᠰᠠᠨ᠃
ᠲᠡᠭᠦᠨ ᠡᠴᠡ ᠬᠣᠶᠢᠰᠢ ︽ᠳᠤᠷᠠᠯᠠᠯ ᠤᠨ ᠭᠡᠮᠲᠦ ᠬᠡᠷᠡᠭ︾᠂ ︽ᠹᠡᠢᠰᠪᠥᠺ ᠣᠳᠣ︾᠂ ︽ᠮᠤᠬᠤᠷ ᠭᠤᠳᠤᠮᠵᠢ︾ ᠵᠡᠷᠭᠡ ᠬᠡᠳᠦ ᠬᠡᠳᠦᠨ ᠺᠢᠨᠣ᠋ ᠬᠢᠭᠰᠡᠨ ᠪᠠᠶᠢᠳᠠᠭ᠃ ᠲᠡᠭᠡᠪᠡᠯ ᠡᠨᠡ ᠤᠳᠠᠭ᠎ᠠ LVAᠡᠩᠲ᠋ᠧᠷᠲᠠᠶᠢᠨᠮᠧᠨᠲ ᠤᠨ ᠢᠶᠠᠨ 10 ᠵᠢᠯ ᠦᠨ ᠣᠢ ᠶᠢ ᠲᠣᠬᠢᠶᠠᠯᠳᠤᠭᠤᠯᠤᠨ ︽1990︾ ᠤᠷᠠᠨ ᠰᠠᠶᠢᠬᠠᠨ ᠤ ᠺᠢᠨᠣ᠋ ᠪᠦᠲᠦᠭᠡᠵᠦ᠂ ᠲᠤᠩ ᠤᠳᠠᠬᠤ ᠦᠭᠡᠢ ᠨᠡᠭᠡᠭᠡᠯᠲᠡ ᠪᠡᠨ ᠬᠢᠬᠦ ᠭᠡᠵᠦ ᠪᠠᠶᠢᠭ᠎ᠠ ᠶᠤᠮ᠃ ᠤᠭ ᠺᠢᠨᠣ᠋ ᠨᠢ 1990 ᠣᠨ ᠳᠤ ᠮᠣᠩᠭᠣᠯ ᠤᠨ ᠨᠡᠶᠢᠭᠡᠮ᠂ ᠠᠷᠠᠳ ᠲᠦᠮᠡᠨ ᠦ ᠠᠮᠢᠳᠤᠷᠠᠯ ᠬᠡᠷᠬᠢᠨ ᠥᠭᠡᠷᠡᠴᠢᠯᠡᠭᠳᠡᠭᠰᠡᠨ ᠪᠣᠯᠤᠨ ᠲᠡᠷᠡ ᠪᠣᠯᠭᠠᠨ ᠬᠦᠮᠦᠨ ᠳᠦ ᠲᠣᠬᠢᠶᠠᠯᠳᠤᠬᠤ ᠦᠭᠡᠢ ᠣᠨᠴᠠᠭᠠᠢ ᠴᠠᠭ ᠦᠶ᠎ᠡ ᠶᠢᠨ ᠲᠤᠬᠠᠢ ᠥᠭᠦᠯᠡᠬᠦ ᠭᠡᠨ᠎ᠡ᠃

ᠰᠡᠳᠬᠢᠭᠳᠡᠯ ᠦᠯᠡᠳᠡᠭᠡᠬᠦ