ᠪᠤᠯᠠᠭᠠᠨ ᠠᠶᠢᠮᠠᠭ ᠤᠨ ᠪᠤᠭᠤᠲᠤ ᠰᠤᠮᠤ ᠶᠢᠨ ᠢᠷᠭᠡᠳ ᠰᠤᠮᠤ ᠶᠢᠨ ᠠᠶᠤᠯᠭᠦᠢ ᠶᠢᠨ ᠨᠦᠭᠡᠴᠡ ᠳᠦ 600 ᠮᠢᠩᠭᠠᠨ ᠲᠥᠭᠥᠷᠢᠭ ᠦᠨ ᠨᠣᠭᠣᠭᠠᠨ ᠲᠡᠵᠢᠭᠡᠯ ᠬᠠᠨᠳᠢᠪᠯᠠᠵᠠᠢ᠃ ᠡᠨᠡ ᠵᠢᠯ ᠰᠤᠮᠤ ᠶᠢᠨ 30 ᠢᠷᠭᠡᠨ ᠳᠦ ᠲᠤᠰ ᠪᠦᠷᠢ ᠳᠦ ᠨᠢ ᠲᠠᠪᠤᠨ ᠭᠠ ᠲᠠᠯᠠᠪᠠᠢ ᠳᠤ ᠨᠣᠭᠣᠭᠠᠨ ᠲᠡᠵᠢᠭᠡᠯ ᠲᠠᠷᠢᠭᠤᠯᠤᠭᠰᠠᠨ ᠶᠤᠮ᠃ ᠲᠡᠳᠡᠭᠡᠷ ᠢᠷᠭᠡᠳ ᠡᠨᠡ ᠠᠵᠢᠯ ᠤᠨ ᠢᠶᠠᠨ ᠦᠷ᠎ᠡ ᠰᠢᠮ᠎ᠡ ᠶᠢ ᠬᠦᠷᠲᠡᠭᠡᠳ ᠰᠤᠮᠤ ᠶᠢᠨ ᠢᠶᠠᠨ ᠨᠦᠭᠡᠴᠡ ᠳᠦ ᠳᠡᠮᠵᠢᠯᠭᠡ ᠦᠵᠡᠭᠦᠯᠦᠯ᠎ᠡ ᠭᠡᠵᠦ ᠰᠤᠮᠤ ᠶᠢᠨ ᠵᠠᠰᠠᠭ ᠳᠠᠷᠤᠭ᠎ᠠ ᠬ∙ᠤᠤᠭᠠᠨᠪᠠᠶᠠᠷ ᠶᠠᠷᠢᠯ᠎ᠠ᠃ ᠰᠤᠮᠤ ᠶᠢᠨ ᠬᠡᠮᠵᠢᠶᠡᠨ ᠳᠦ 100 ᠲᠣᠨ ᠡᠪᠡᠰᠦ᠂ 30 ᠲᠣᠨ ᠲᠡᠵᠢᠭᠡᠯ ᠢ ᠠᠶᠤᠯᠭᠦᠢ ᠶᠢᠨ ᠨᠥᠭᠡᠴᠠ ᠳᠤ ᠪᠡᠯᠡᠳᠬᠡᠬᠦ ᠳᠠᠭᠠᠭᠠᠯᠭᠠᠪᠤᠷᠢ ᠪᠠᠨ ᠪᠦᠷᠢᠨ ᠬᠠᠩᠭᠠᠭᠰᠠᠨ ᠪᠠᠶᠢᠨ᠎ᠠ᠃ ᠥᠩᠭᠡᠷᠡᠭᠰᠡᠨ ᠡᠪᠦᠯ ᠥᠩ ᠲᠡᠢ ᠪᠠᠶᠢᠭᠰᠠᠨ ᠠᠴᠠ ᠡᠪᠡᠰᠦᠨ ᠦ ᠨᠥᠭᠡᠴᠡ ᠦᠯᠡᠳᠡᠵᠦ ᠡᠪᠦᠯᠵᠢᠯᠲᠡ ᠶᠢᠨ ᠪᠡᠯᠡᠳᠬᠡᠯ ᠪᠠᠵᠠᠭᠠᠬᠤ ᠳᠤ ᠰᠠᠶᠢᠨ ᠨᠥᠯᠥᠭᠡ ᠦᠵᠡᠭᠦᠯᠵᠡᠢ᠃