ᠬᠢᠲᠠᠳ ᠬᠡᠯᠡᠨ ᠦ ᠲᠠᠩᠬᠢᠮ ᠤᠨ ᠬᠣᠶᠠᠷ ᠵᠢᠯ ᠦᠨ ᠣᠢ ᠶᠢ ᠲᠡᠮᠳᠡᠭᠯᠡᠪᠡ  | News.MN

ᠬᠢᠲᠠᠳ ᠬᠡᠯᠡᠨ ᠦ ᠲᠠᠩᠬᠢᠮ ᠤᠨ ᠬᠣᠶᠠᠷ ᠵᠢᠯ ᠦᠨ ᠣᠢ ᠶᠢ ᠲᠡᠮᠳᠡᠭᠯᠡᠪᠡ 

ᠵᠠᠮ ᠤᠨ ᠡᠭᠦᠳᠡ ᠶᠢᠨ ᠶᠡᠷᠦᠩᠬᠡᠢ ᠪᠣᠯᠪᠠᠰᠤᠷᠠᠯ ᠤᠨ ᠬᠣᠶᠠᠳᠤᠭᠠᠷ ᠰᠤᠷᠭᠠᠭᠤᠯᠢ ᠬᠢᠲᠠᠳ ᠬᠡᠯᠡᠨ ᠦ ᠲᠠᠩᠬᠢᠮ ᠨᠡᠭᠡᠭᠡᠭᠰᠡᠨ ᠦ ᠬᠣᠶᠠᠷ ᠵᠢᠯ ᠦᠨ ᠣᠢ ᠶᠢ ᠰᠤᠷᠤᠭᠴᠢᠳ᠂ ᠪᠠᠭᠰᠢ ᠨᠠᠷ ᠪᠣᠯᠤᠨ ᠰᠤᠮᠤ ᠶᠢᠨ ᠤᠳᠤᠷᠢᠳᠤᠯᠭ᠎ᠠ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠵᠠᠮ ᠤᠨ ᠡᠭᠦᠳᠡ ᠳ᠋ᠡᠬᠢ ᠶᠡᠷᠦᠩᠬᠡᠢ ᠺᠤᠨᠰᠦ᠋ᠯ ᠤᠨ ᠲᠥᠯᠥᠭᠡᠯᠡᠯ ᠲᠡᠢ ᠬᠠᠮᠲᠤᠷᠠᠨ ᠲᠡᠮᠳᠡᠭᠯᠡᠵᠡᠢ᠃ ᠬᠣᠶᠠᠷ ᠵᠢᠯ ᠦᠨ ᠡᠮᠦᠨ᠎ᠡ ᠣᠷᠣᠨ ᠨᠤᠲᠤᠭ ᠠᠴᠠ ᠰᠠᠨᠠᠭᠠᠴᠢᠯᠠᠭ᠎ᠠ ᠭᠠᠷᠭᠠᠵᠤ᠂ ᠡᠷᠢᠶᠡᠨ ᠬᠣᠲᠠ ᠶᠢᠨ ᠲᠠᠯ᠎ᠠ ᠳᠤ ᠰᠠᠨᠠᠯ ᠲᠠᠯᠪᠢᠭᠰᠠᠨ ᠢᠶᠠᠷ ᠡᠮᠦᠨᠡᠲᠦ ᠬᠥᠷᠰᠢ ᠡᠴᠡ ᠬᠣᠶᠠᠷ ᠪᠠᠭᠰᠢ ᠵᠠᠮ ᠤᠨ ᠡᠭᠦᠳᠡ ᠳᠦ ᠢᠷᠡᠵᠦ ᠰᠤᠷᠤᠭᠴᠢᠳ ᠲᠤ ᠬᠢᠲᠠᠳ ᠬᠡᠯᠡ ᠵᠢᠭᠠᠵᠤ ᠪᠠᠶᠢᠭᠰᠠᠨ ᠶᠤᠮ ᠃
ᠣᠳᠣ ᠪᠠᠷ ᠲᠤᠰ ᠲᠠᠩᠬᠢᠮ ᠤᠨ 430 ᠰᠤᠷᠤᠭᠴᠢ ᠬᠢᠲᠠᠳ ᠬᠡᠯᠡ ᠦᠵᠡᠵᠦ ᠪᠠᠶᠢᠨ᠎ᠠ᠃ ᠮᠥᠨ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠡᠳ᠋ ᠦᠨ ᠵᠠᠰᠠᠭ ᠤᠨ ᠲᠡᠯᠡᠯᠲᠡ᠂ ᠬᠤᠳᠠᠯᠳᠤᠭ᠎ᠠ ᠠᠷᠠᠯᠵᠢᠶᠠᠨ ᠤ ᠬᠠᠮᠤᠷᠬᠤ ᠬᠦᠷᠢᠶ᠎ᠡ ᠣᠯᠠᠨ ᠤᠯᠤᠰ ᠲᠤ ᠨᠡᠮᠡᠭᠳᠡᠵᠦ᠂ ᠳᠡᠯᠡᠬᠡᠢ ᠶᠢᠨ ᠲᠡᠷᠢᠭᠦᠯᠡᠬᠦ ᠭᠦᠷᠦᠨ ᠪᠣᠯᠵᠤ ᠪᠤᠢ ᠨᠢ ᠬᠢᠲᠠᠳ ᠬᠡᠯᠡ ᠶᠢ ᠵᠠᠶᠢᠯᠠᠰᠢ ᠦᠭᠡᠢ ᠰᠤᠷᠬᠤ ᠱᠠᠭᠠᠷᠳᠠᠯᠭ᠎ᠠ ᠭᠠᠷᠤᠭᠰᠠᠨ ᠭᠡᠵᠦ ᠠᠯᠪᠠᠨ ᠤ ᠬᠢᠨ ᠲᠣᠳᠣᠳᠬᠠᠪᠠ᠃ ᠮᠥᠨ ᠵᠠᠮ ᠤᠨ ᠡᠭᠦᠳᠡ ᠶᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠪᠠᠭᠰᠢ ᠨᠠᠷ ᠪᠣᠯᠤᠨ ᠰᠤᠷᠤᠭᠴᠢᠳ ᠪᠣᠯᠪᠠᠰᠤᠷᠠᠯ ᠤᠨ ᠰᠣᠯᠢᠯᠴᠠᠭᠠᠨ ᠤ ᠴᠢᠭᠯᠡᠯ ᠢᠶᠡᠷ ᠡᠷᠢᠶᠡᠨ ᠬᠣᠲᠠ ᠶᠢᠨ ᠰᠤᠷᠭᠠᠭᠤᠯᠢ ᠨᠤᠭᠤᠳ ᠲᠠᠢ ᠲᠠᠨᠢᠯᠴᠠᠵᠤ᠂ ᠲᠤᠷᠰᠢᠯᠭ᠎ᠠ ᠰᠤᠳᠤᠯᠤᠭᠰᠠᠨ ᠶᠤᠮ ᠃

ᠰᠡᠳᠬᠢᠭᠳᠡᠯ ᠦᠯᠡᠳᠡᠭᠡᠬᠦ