ᠠᠷᠴᠠ ᠰᠠᠭᠤᠷᠢ ᠪᠣᠭᠣᠮᠲᠠ ᠪᠠᠷ 10 ᠮᠢᠩᠭ᠎ᠠ ᠭᠠᠷᠤᠢ ᠬᠦᠮᠦᠨ ᠵᠣᠷᠴᠢᠵᠠᠢ  | News.MN

ᠠᠷᠴᠠ ᠰᠠᠭᠤᠷᠢ ᠪᠣᠭᠣᠮᠲᠠ ᠪᠠᠷ 10 ᠮᠢᠩᠭ᠎ᠠ ᠭᠠᠷᠤᠢ ᠬᠦᠮᠦᠨ ᠵᠣᠷᠴᠢᠵᠠᠢ 

ᠵᠠᠪᠬᠠᠨ ᠤ ᠠᠷᠴᠠ ᠰᠠᠭᠤᠷᠢ ᠳ᠋ᠡᠬᠢ ᠬᠢᠯᠢ ᠶᠢᠨ ᠪᠣᠭᠣᠮᠲᠠ ᠪᠠᠷ 10 ᠮᠢᠩᠭ᠎ᠠ 300 ᠭᠠᠷᠤᠢ ᠬᠦᠮᠦᠨ  ᠵᠤᠷᠴᠢᠭᠰᠠᠨ ᠠᠴᠠ 5334 ᠬᠦᠮᠦᠨ ᠬᠢᠯᠢ ᠪᠡᠷ ᠣᠷᠣᠵᠤ ᠢᠷᠡᠵᠡᠢ᠃ ᠡᠳᠡᠭᠡᠷ ᠵᠣᠷᠴᠢᠭᠴᠢᠳ ᠤᠨ 29.5 ᠬᠤᠪᠢ ᠨᠢ ᠭᠠᠳᠠᠭᠠᠳᠤ᠂ 70.5 ᠬᠤᠪᠢ ᠨᠢ ᠮᠣᠩᠭᠣᠯ ᠬᠦᠮᠦᠨ ᠦᠢᠯᠡᠴᠢᠯᠡᠭᠦᠯᠦᠭᠰᠡᠨ ᠪᠠᠶᠢᠨ᠎ᠠ᠃ ᠬᠠᠷᠢᠨ ᠨᠡᠶᠢᠲᠡ 1000 ᠭᠠᠷᠤᠢ ᠮᠠᠰᠢᠨ ᠣᠷᠣᠵᠤ ᠢᠷᠡᠭᠰᠡᠨ ᠪᠣᠯ᠂ 961 ᠮᠠᠰᠢᠨ ᠬᠢᠯᠢ ᠪᠡᠷ ᠭᠠᠷᠴᠠᠢ᠃ ᠡᠭᠦᠨ ᠡᠴᠡ ᠰᠠᠭᠤᠳᠠᠯ ᠤᠨ ᠮᠠᠰᠢᠨ 944᠂ ᠠᠴᠢᠶᠠᠨ ᠤ 64 ᠮᠠᠰᠢᠨ 222.5 ᠲᠣᠨ ᠠᠴᠢᠶ᠎ᠠ ᠲᠠᠢ ᠬᠢᠯᠢ ᠪᠡᠷ ᠣᠷᠣᠵᠤ ᠢᠷᠡᠵᠡᠢ᠃
ᠬᠢᠯᠢ ᠪᠡᠷ ᠣᠷᠣᠵᠤ ᠢᠷᠡᠵᠦ ᠪᠤᠢ ᠠᠴᠢᠶᠠᠨ ᠤ 60 ᠭᠠᠷᠤᠢ ᠬᠤᠪᠢ ᠨᠢ ᠬᠦᠨᠡᠰᠦᠨ ᠦ ᠪᠠᠷᠠᠭ᠎ᠠ ᠪᠦᠲᠦᠭᠡᠭᠳᠡᠬᠦᠨ᠂ ᠦᠯᠡᠳᠡᠭᠰᠡᠨ ᠬᠤᠪᠢ ᠨᠢ ᠪᠠᠷᠢᠯᠭ᠎ᠠ ᠶᠢᠨ ᠪᠣᠯᠤᠨ ᠮᠠᠰᠢᠨ ᠤ ᠰᠡᠯᠪᠢᠭ᠂ ᠪᠥᠰ ᠪᠠᠷᠠᠭ᠎ᠠ᠂ ᠭᠤᠲᠤᠯ ᠬᠤᠪᠴᠠᠰᠤ ᠪᠠᠶᠢᠳᠠᠭ᠃ ᠶᠡᠷᠦ ᠨᠢ ᠰᠡᠭᠦᠯ ᠦᠨ ᠭᠤᠷᠪᠠᠨ ᠵᠢᠯ ᠮᠠᠨ ᠤ ᠬᠢᠯᠢ ᠪᠡᠷ ᠣᠷᠣᠰ ᠤᠨ ᠬᠤᠳᠠᠯᠳᠤᠭ᠎ᠠ  ᠡᠷᠬᠢᠯᠡᠭᠴᠢᠳ ᠡᠴᠡ ᠭᠠᠳᠠᠨ᠎ᠠ ᠮᠣᠩᠭᠣᠯ ᠤᠯᠤᠰ ᠤᠨ ᠢᠷᠭᠡᠳ ᠠᠴᠢᠶ᠎ᠠ ᠪᠠᠷᠠᠭ᠎ᠠ ᠶᠡᠬᠡ ᠬᠡᠮᠵᠢᠶ᠎ᠡ ᠪᠡᠷ ᠣᠷᠣᠭᠤᠯᠵᠤ ᠢᠷᠡᠳᠡᠭ ᠪᠣᠯᠤᠭᠰᠠᠨ᠃ ᠮᠥᠨ ᠠᠶᠠᠯᠠᠯ ᠤᠨ ᠱᠤᠭᠤᠮ ᠢᠶᠠᠷ ᠣᠷᠣᠰ ᠤᠨ ᠢᠷᠭᠡᠳ ᠣᠷᠣᠵᠤ ᠢᠷᠡᠳᠡᠭ᠃ ᠬᠠᠷᠢᠨ ᠮᠣᠩᠭᠣᠯ ᠤᠯᠤᠰ ᠠᠴᠠ ᠲᠦᠭᠦᠬᠡᠢ ᠡᠳ᠋᠂ ᠮᠢᠬ᠎ᠠ ᠬᠢᠯᠢ ᠪᠡᠷ ᠶᠡᠬᠡᠪᠴᠢᠯᠡᠨ ᠭᠠᠷᠳᠠᠭ ᠬᠡᠮᠡᠨ ᠠᠷᠴᠠ ᠰᠠᠭᠤᠷᠢ ᠳ᠋ᠡᠬᠢ ᠭᠠᠶᠢᠯᠢ ᠶᠢᠨ ᠬᠣᠷᠢᠶᠠᠨ ᠠᠴᠠ ᠮᠡᠳᠡᠭᠡᠯᠡᠭᠰᠡᠨ ᠢ ᠠᠶᠢᠮᠠᠭ ᠤᠨ ᠰᠲ᠋ᠠᠲ᠋ᠢᠰᠲ᠋ᠢᠺ ᠤᠨ ᠬᠡᠯᠲᠡᠰ ᠡᠴᠡ ᠳᠤᠭᠤᠯᠭᠠᠪᠠ ᠃

ᠰᠡᠳᠬᠢᠭᠳᠡᠯ ᠦᠯᠡᠳᠡᠭᠡᠬᠦ