ᠬᠠᠷᠠᠩᠭ᠎ᠠ ᠬᠠᠮᠲᠤᠯᠢᠭ Fender ᠤᠨ ᠬᠦᠭᠵᠢᠮ ᠦᠨ ᠵᠢᠮᠰᠡᠭ ᠢ ᠬᠡᠷᠡᠭᠯᠡᠨ᠎ᠡ | News.MN

ᠬᠠᠷᠠᠩᠭ᠎ᠠ ᠬᠠᠮᠲᠤᠯᠢᠭ Fender ᠤᠨ ᠬᠦᠭᠵᠢᠮ ᠦᠨ ᠵᠢᠮᠰᠡᠭ ᠢ ᠬᠡᠷᠡᠭᠯᠡᠨ᠎ᠡ

ᠭᠢᠲ᠋ᠠᠷ ᠤᠨ ᠰᠠᠯᠪᠤᠷᠢ ᠳᠤ ᠲᠡᠷᠢᠭᠦᠯᠡᠭᠴᠢ ᠳᠡᠯᠡᠬᠡᠢ ᠶᠢᠨ ᠠᠯᠳᠠᠷᠲᠤ Fender ᠬᠥᠭᠵᠢᠮ ᠦᠨ ᠦᠢᠯᠡᠳᠪᠦᠷᠢ ᠶᠢᠨ ᠮᠣᠩᠭᠣᠯ ᠳ᠋ᠡᠬᠢ ᠠᠯᠪᠠᠨ ᠶᠣᠰᠣᠨ ᠤ ᠪᠣᠷᠣᠯᠠᠭᠤᠯᠤᠭᠴᠢ ︽ᠲᠤᠲ᠋ᠠᠯ ᠮᠢᠦ᠋ᠽᠢᠺ︾ ᠺᠣᠮᠫᠠᠨᠢ ᠬᠠᠷᠠᠩᠭ᠎ᠠ ᠬᠠᠮᠲᠤᠯᠢᠭ ᠲᠠᠢ ᠬᠠᠮᠲᠤᠷᠠᠨ ᠠᠵᠢᠯᠯᠠᠬᠤ ᠭᠡᠷ᠎ᠡ ᠪᠠᠶᠢᠭᠤᠯᠤᠯ᠎ᠠ᠃ ᠬᠠᠷᠠᠩᠭ᠎ᠠ ᠬᠠᠮᠲᠤᠯᠢᠭ ᠤᠨ 30 ᠵᠢᠯ ᠦᠨ ᠣᠢ ᠶᠢᠨ ᠬᠦᠷᠢᠶᠡᠨ ᠳᠦ ᠠᠷᠭᠢᠯ ᠭᠢᠲ᠋ᠠᠷᠴᠢᠨ ᠴᠢᠯᠠᠭᠤᠨᠪᠠᠲᠤ ᠲᠠᠢ Fender Artist Mongolia ᠬᠠᠮᠲᠤᠷᠠᠨ ᠠᠵᠢᠯᠯᠠᠬᠤ ᠭᠡᠷ᠎ᠡ  ᠪᠠᠶᠢᠭᠤᠯᠵᠤ᠂ ᠬᠡᠮᠨᠡᠯᠲᠦ ᠭᠢᠲ᠋ᠠᠷᠴᠢᠨ ᠶᠠ᠊∙ᠤᠳᠤᠰᠦ᠋ᠷᠦᠩ ᠳᠦ ᠮᠥᠨ Fender ᠪᠷᠠᠨᠳ᠋ ᠤᠨ ᠭᠢᠲ᠋ᠠᠷ ᠭᠠᠷᠳᠠᠭᠤᠯᠵᠤ ᠬᠠᠮᠲᠤᠷᠠᠨ ᠠᠵᠢᠯᠯᠠᠬᠤ ᠭᠡᠷ᠎ᠡ ᠳᠦ ᠭᠠᠷ ᠤᠨ ᠦᠰᠦᠭ ᠵᠢᠷᠤᠪᠠ᠃
ᠴᠢᠯᠠᠭᠤᠨᠪᠠᠲᠤ ᠡᠨᠡ ᠲᠤᠬᠠᠢ᠄ ᠪᠢᠳᠡ ᠳᠡᠯᠡᠬᠡᠢ ᠶᠢᠨ ᠪᠷᠠᠨᠳ᠋ ᠬᠥᠭᠵᠢᠮ ᠢ ᠭᠠᠳᠠᠭᠠᠳᠤ ᠠᠴᠠ ᠵᠠᠬᠢᠵᠤ ᠠᠪᠬᠠᠭᠤᠯᠳᠠᠭ ᠪᠠᠶᠢᠭᠰᠠᠨ ᠪᠣᠯ ᠣᠳᠣ ᠶᠠᠮᠠᠷ ᠴᠤ ᠨᠡᠮᠡᠯᠲᠡ ᠵᠠᠷᠤᠳᠠᠯ ᠦᠭᠡᠢ ᠪᠡᠷ ᠦᠢᠯᠡᠳᠪᠦᠷᠢ ᠶᠢᠨ ᠦᠨ᠎ᠡ ᠪᠡᠷ ᠨᠢ ᠮᠣᠩᠭᠣᠯ ᠠᠴᠠ ᠪᠠᠨ ᠠᠪᠳᠠᠭ ᠪᠣᠯᠤᠭᠰᠠᠨ᠃ ᠠᠮᠢᠳᠤ ᠬᠥᠭᠵᠢᠮ ᠦᠨ ᠬᠠᠮᠲᠤᠯᠢᠭ ᠤᠳ ᠶᠠᠮᠠᠷ ᠲᠥᠷᠥᠯ ᠵᠠᠨᠠᠷ ᠢᠶᠠᠷ ᠲᠣᠭᠯᠠᠳᠠᠭ ᠠᠴᠠ ᠪᠠᠨ ᠰᠢᠯᠲᠠᠭᠠᠯᠠᠭᠠᠳ ᠭᠢᠲ᠋ᠠᠷ ᠢᠶᠠᠨ ᠰᠣᠩᠭᠣᠳᠠᠭ᠃ ᠾᠸᠪᠢ ᠮᠧᠲ᠋ᠠᠯ ᠤᠷᠤᠰᠬᠠᠯ ᠤᠨ ᠬᠢᠨ ᠶᠡᠬᠡᠪᠴᠢᠯᠡᠨ Fender᠂ Gibson᠂ ESP ᠬᠡᠷᠡᠭᠯᠡᠳᠡᠭ ᠭᠡᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ