ᠯᠤᠨᠳᠤᠨ ᠤ ᠪᠢᠷᠵᠢ ︽ᠠᠴᠢᠲᠤ ᠶᠡᠬᠡᠲᠦ︾ ᠺᠤᠮᠫᠠᠨᠢ ᠶᠢ ᠣᠨᠴᠠᠯᠠᠵᠠᠢ  | News.MN

ᠯᠤᠨᠳᠤᠨ ᠤ ᠪᠢᠷᠵᠢ ︽ᠠᠴᠢᠲᠤ ᠶᠡᠬᠡᠲᠦ︾ ᠺᠤᠮᠫᠠᠨᠢ ᠶᠢ ᠣᠨᠴᠠᠯᠠᠵᠠᠢ 

ᠠᠩᠭᠯᠢ ᠶᠢᠨ ᠯᠣᠨᠳᠣᠨ  ‍ᠣ ᠮᠧᠲ᠋ᠠᠯ ᠤᠨ ᠪᠢᠷᠵᠢ ᠶᠢᠨ ᠵᠢᠯ ᠪᠦᠷᠢ ᠤᠯᠠᠮᠵᠢᠯᠠᠯ ᠪᠣᠯᠭᠠᠨ ᠵᠣᠬᠢᠶᠠᠭᠳᠠᠳᠠᠭ ᠡᠭᠡᠯᠵᠢᠲᠦ ᠴᠢᠭᠤᠯᠭ᠎ᠠ ᠠᠭᠤᠯᠵᠠᠯᠲᠠ ᠡᠨᠡ ᠡᠳᠦᠷ ᠦᠳ ᠲᠦ ᠦᠷᠭᠦᠯᠵᠢᠯᠡᠵᠦ ᠪᠠᠶᠢᠨ᠎ᠠ᠃ ᠠᠭᠤᠯᠵᠠᠯᠲᠠ ᠳᠤ ᠮᠣᠩᠭᠣᠯ ᠠᠴᠠ ᠠᠩᠬ᠎ᠠ ᠤᠳᠠᠭ᠎ᠠ ᠲᠤᠰ ᠪᠢᠷᠵᠢ ᠶᠢᠨ ᠭᠡᠰᠢᠭᠦᠨ ᠢᠶᠡᠷ ᠪᠦᠷᠢᠳᠬᠡᠭᠳᠡᠭᠰᠡᠨ ︽ᠠᠴᠢᠲᠤ ᠶᠡᠬᠡᠲᠦ︾ ᠺᠤᠮᠫᠠᠨᠢ ᠶᠢᠨ ᠲᠥᠯᠥᠭᠡᠯᠡᠭᠴᠢᠳ ᠣᠷᠣᠯᠴᠠᠵᠤ᠂ 2020 ᠣᠨ ᠤ ᠵᠡᠰ ᠦᠨ ᠵᠠᠬ᠎ᠠ ᠵᠡᠭᠡᠯᠢ ᠶᠢᠨ ᠬᠠᠨᠳᠤᠯᠭ᠎ᠠ᠂ ᠬᠠᠮᠲᠤ ᠶᠢᠨ ᠠᠵᠢᠯᠯᠠᠭᠠᠨ ᠤ ᠪᠣᠯᠤᠮᠵᠢ ᠨᠤᠭᠤᠳ ᠤᠨ ᠲᠠᠯ᠎ᠠ ᠪᠠᠷ ᠪᠢᠷᠵᠢ ᠶᠢᠨ ᠤᠳᠤᠷᠢᠳᠤᠯᠭ᠎ᠠ ᠨᠠᠷ ᠪᠣᠯᠤᠨ ᠮᠧᠲ᠋ᠠᠯ ᠦᠢᠯᠡᠳᠪᠦᠷᠢᠯᠡᠭᠴᠢᠳ ᠲᠡᠢ ᠰᠠᠨᠠᠯ ᠰᠤᠯᠢᠯᠴᠠᠭᠰᠠᠨ ᠠᠵᠠᠢ ᠃

ᠯᠤᠨᠳᠤᠨ ᠤ ᠮᠧᠲ᠋ᠠᠯ ᠤᠨ ᠪᠢᠷᠵᠢ ᠲᠡᠢ ᠬᠠᠮᠲᠤᠷᠠᠨ ᠠᠵᠢᠯᠯᠠᠳᠠᠭ 2000 ᠭᠠᠷᠤᠢ ᠵᠣᠴᠢᠨ ᠣᠷᠣᠯᠴᠠᠭᠰᠠᠨ ᠤᠭ ᠬᠦᠨᠳᠦᠳᠬᠡᠯ ᠦᠨ ᠠᠷᠭ᠎ᠠ ᠬᠡᠮᠵᠢᠶᠡᠨ ᠳᠡᠭᠡᠷ᠎ᠡ ᠲᠤᠰ ᠪᠠᠶᠢᠭᠤᠯᠤᠯᠭ᠎ᠠ ᠶᠢᠨ ᠭᠦᠢᠴᠡᠳᠭᠡᠬᠦ ᠵᠠᠬᠢᠷᠤᠯ 2019 ᠣᠨ ᠤ ᠣᠨᠴᠠᠯᠠᠬᠤ ᠦᠢᠯᠡ ᠶᠠᠪᠤᠳᠠᠯ ᠤᠳ ᠢ ᠲᠣᠶᠢᠮᠣᠯᠠᠨ ᠲᠠᠨᠢᠯᠴᠠᠭᠤᠯᠤᠭᠰᠠᠨ ᠪᠥᠭᠡᠳ ︽ᠠᠴᠢᠲᠤ ᠶᠡᠬᠡᠲᠦ︾  ᠺᠤᠮᠫᠠᠨᠢ ᠲᠤᠰ ᠪᠢᠷᠵᠢ ᠶᠢᠨ ᠭᠡᠰᠢᠭᠦᠨ ᠢᠶᠡᠷ ᠡᠯᠰᠡᠭᠰᠡᠨ ᠢ ᠣᠨᠴᠠᠯᠠᠨ ᠲᠡᠮᠳᠡᠭᠯᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ