︽ᠯᠣᠰ ᠠᠨᠵᠧᠯᠧᠰ ᠣᠫᠧᠨ︾᠍ ᠳᠦ ᠰᠢᠲᠠᠷᠠᠴᠢᠳ ᠪᠠᠭ ᠢᠶᠠᠷ ᠢᠶᠠᠨ ᠲᠦᠷᠦᠭᠦᠯᠡᠵᠡᠢ  | News.MN

 ︽ᠯᠣᠰ ᠠᠨᠵᠧᠯᠧᠰ ᠣᠫᠧᠨ︾᠍ ᠳᠦ ᠰᠢᠲᠠᠷᠠᠴᠢᠳ ᠪᠠᠭ ᠢᠶᠠᠷ ᠢᠶᠠᠨ ᠲᠦᠷᠦᠭᠦᠯᠡᠵᠡᠢ 

ᠠᠮᠧᠷᠢᠺᠠ ᠶᠢᠨ ᠯᠣᠰ ᠠᠨᠵᠧᠯᠧᠰ ᠬᠤᠲᠠ ᠳᠤ 11  ᠳᠦᠭᠡᠷ ᠰᠠᠷ᠎ᠠ ᠶᠢᠨ 1- 3 ᠤ ᠬᠣᠭᠣᠷᠣᠨᠳᠣ ᠵᠣᠬᠢᠶᠠᠭᠳᠠᠭᠰᠠᠨ ︽ᠯᠣᠰ ᠠᠨᠵᠧᠯᠧᠰ ᠣᠫᠧᠨ︾ ᠣᠯᠠᠨ ᠤᠯᠤᠰ ᠤᠨ ᠨᠡᠭᠡᠭᠡᠯᠲᠡ ᠲᠡᠢ ᠲᠡᠮᠡᠴᠡᠭᠡᠨ ᠳᠦ ᠮᠣᠩᠭᠣᠯ  ᠤᠯᠤᠰ ᠢᠶᠠᠨ ᠲᠥᠯᠥᠭᠡᠯᠡᠨ ᠮᠣᠩᠭᠣᠯ ᠤᠨ ᠰᠢᠲᠠᠷ᠎ᠠ ᠶᠢᠨ ᠬᠣᠯᠪᠣᠭᠠᠨ ᠤ ᠤᠳᠤᠷᠢᠳᠬᠤ ᠵᠥᠪᠯᠡᠯ ᠦᠨ ᠭᠡᠰᠢᠭᠦᠨ ᠭ∙ᠳᠠᠸᠠᠬᠦᠦ᠂ ᠰ∙ᠭᠠᠩ ᠤᠳᠤ ᠨᠠᠷ ᠢᠶᠠᠷ ᠠᠬᠠᠯᠠᠭᠤᠯᠤᠭᠰᠠᠨ 10 ᠲᠠᠮᠢᠷᠴᠢᠨ ᠣᠷᠣᠯᠴᠠᠵᠠᠢ᠃ ᠮᠠᠨ ᠤ ᠲᠠᠮᠢᠷᠴᠢᠳ 3 ᠠᠯᠲᠠ᠂ 2 ᠮᠥᠩᠭᠥ᠂ 1 ᠬᠦᠷᠡᠯ ᠮᠧᠳᠠᠯ ᠬᠦᠷᠲᠡᠵᠦ ᠂ ᠪᠠᠭ ᠤᠨ ᠳ᠋ᠦᠩ ᠢᠶᠡᠷ ᠲᠡᠷᠢᠭᠦᠨ ᠪᠠᠶᠢᠷᠢ ᠡᠵᠡᠯᠡᠭᠰᠡᠨ ᠪᠠᠶᠢᠨ᠎ᠠ᠃ ᠠᠮᠧᠷᠢᠺᠠ ᠳ᠋ᠥ ᠠᠮᠢᠳᠤᠷᠠᠵᠤ ᠪᠤᠢ ᠰᠫᠣᠷᠲ ᠤᠨ ᠮᠠᠰᠲ᠋ᠸᠷ ᠳ∙ᠪᠠᠲᠤᠡᠷᠳᠡᠨᠢ ᠭᠡᠷ ᠪᠦᠯᠢ ᠶᠢᠨ ᠬᠠᠮᠲᠤ ᠪᠠᠷ ᠲᠠᠮᠢᠷᠴᠢᠳ ᠢ ᠤᠭᠲᠤᠨ ᠠᠪᠴᠤ ᠲᠤᠰᠠᠯᠠᠵᠤ ᠳᠡᠮᠵᠢᠨ ᠠᠵᠢᠯᠯᠠᠭᠰᠠᠨ ᠨᠢ ᠮᠠᠨ ᠤ ᠪᠠᠭ ᠲᠠᠮᠢᠷᠴᠢᠳ ᠢ ᠥᠨᠳᠥᠷ ᠠᠮᠵᠢᠯᠲᠠ ᠦᠵᠡᠭᠦᠯᠬᠦ ᠳᠦ ᠨᠥᠯᠦᠭᠡᠯᠡᠵᠡᠢ᠃

ᠰᠡᠳᠬᠢᠭᠳᠡᠯ ᠦᠯᠡᠳᠡᠭᠡᠬᠦ