ᠤᠭ᠍ᠶᠤᠲᠤᠯᠤᠭᠠᠢ ᠶᠢᠨ ᠬᠤᠶᠠᠳᠠᠬᠢ ᠪᠣᠰᠤᠭ᠎ᠠ ᠠᠮᠠ ᠶᠢ  ᠪᠠᠶᠢᠭᠤᠯᠵᠤ ᠳᠠᠭᠤᠰᠴᠠᠢ  | News.MN

 ᠤᠭ᠍ᠶᠤᠲᠤᠯᠤᠭᠠᠢ ᠶᠢᠨ ᠬᠤᠶᠠᠳᠠᠬᠢ ᠪᠣᠰᠤᠭ᠎ᠠ ᠠᠮᠠ ᠶᠢ  ᠪᠠᠶᠢᠭᠤᠯᠵᠤ ᠳᠠᠭᠤᠰᠴᠠᠢ 

ᠤᠭ᠍ᠶᠤᠲᠤᠯᠤᠭᠠᠢ ᠶᠢᠨ ᠣᠷᠳᠣ ᠶᠢᠨ ᠭᠦᠨ ᠦ ᠠᠭᠤᠷᠬᠠᠢ ᠠᠴᠠ ᠣᠯᠪᠤᠷᠢᠯᠠᠯᠲᠠ ᠶᠠᠪᠤᠭᠤᠯᠬᠤ  ᠬᠤᠶᠠᠳᠠᠬᠢ ᠪᠣᠰᠤᠭ᠎ᠠ ᠠᠮᠠ ᠪᠤᠶᠤ Shaft 2 ᠍ ᠶᠢᠨ ᠪᠠᠷᠢᠯᠭ᠎ᠠ ᠶᠢᠨ ᠠᠵᠢᠯ ᠳᠠᠭᠤᠰᠴᠦ᠂ ᠠᠰᠢᠭᠯᠠᠯᠲᠠ ᠳᠤ ᠣᠷᠣᠭᠤᠯᠬᠤ ᠳᠤ ᠪᠡᠯᠡᠨ ᠪᠣᠯᠵᠠᠢ᠃ ᠬᠤᠶᠠᠳᠠᠬᠢ ᠪᠣᠰᠤᠭ᠎ᠠ ᠠᠮᠠ ᠨᠢ 10 ᠮᠧᠲ᠋ᠷ ᠳ᠋ᠢᠶᠠᠮᠧᠲ᠋ᠷ ᠲᠡᠢ᠂ 1.3 ᠺᠢᠯᠣᠮᠧᠲ᠋ᠷ ᠤᠷᠲᠤ ᠶᠤᠮ᠃ ᠰᠢᠨ᠎ᠡ ᠠᠮᠠ ᠠᠰᠢᠭᠯᠠᠯᠲᠠ ᠳᠤ ᠣᠷᠣᠭᠰᠠᠨ ᠢᠶᠠᠷ ᠠᠭᠤᠷᠬᠠᠢ ᠶᠢᠨ ᠣᠯᠪᠤᠷᠢᠯᠠᠯᠲᠠ ᠶᠢᠨ ᠬᠦᠴᠦᠨ ᠴᠢᠳᠠᠯ ᠨᠡᠮᠡᠭᠳᠡᠵᠦ᠂ ᠪᠦᠲᠦᠭᠡᠮᠵᠢ ᠥᠰᠬᠦ ᠶᠤᠮ᠃ ᠰᠢᠨ᠎ᠡ ᠪᠡᠷ ᠪᠠᠷᠢᠭᠳᠠᠭᠰᠠᠨ ᠠᠮᠠᠨ ᠳᠤ 300 ᠬᠦᠮᠦᠨ ᠲᠡᠭᠡᠭᠡᠪᠦᠷᠢᠯᠡᠬᠦ ᠴᠢᠳᠠᠯ ᠲᠠᠢ ᠡᠷᠭᠦᠭᠴᠢ᠂ 60 ᠲᠣᠨ ᠤᠨ ᠳᠠᠭᠠᠭᠠᠴᠠᠲᠠᠢ ᠠᠴᠢᠶᠠᠨ ᠤ ᠡᠷᠭᠦᠭᠴᠢ ᠪᠠᠶᠢᠷᠢᠯᠠᠭᠤᠯᠤᠭᠰᠠᠨ ᠪᠥᠭᠡᠳ ᠡᠳᠦᠷ ᠲᠦ 35 000 ᠲᠣᠨ ᠬᠥᠳᠡᠷ ᠢ ᠭᠠᠵᠠᠷ ᠤᠨ ᠭᠠᠳᠠᠷᠭᠤ ᠤᠷᠤᠭᠤ ᠵᠦᠭᠡᠭᠡᠪᠦᠷᠢᠯᠡᠬᠦ ᠬᠦᠴᠦᠨ ᠴᠢᠳᠠᠯ ᠲᠠᠢ ᠠᠵᠡᠢ᠃
Turquoise Hill ᠦᠨ ᠠᠯᠪᠠᠨ ᠶᠣᠰᠣᠨ ᠤ ᠴᠠᠬᠢᠮ ᠬᠠᠭᠤᠳᠠᠰᠤ ᠳᠤ᠄ ᠠᠭᠤᠷᠬᠠᠢ ᠶᠢᠨ ᠬᠤᠶᠠᠳᠠᠬᠢ ᠪᠣᠰᠤᠭ᠎ᠠ ᠠᠮᠠ ᠶᠢ ᠪᠠᠷᠢᠵᠤ ᠠᠰᠢᠭᠯᠠᠯᠲᠠ ᠳᠤ ᠣᠷᠣᠭᠤᠯᠤᠭᠰᠠᠨ ᠢᠶᠠᠷ ᠪᠦᠲᠦᠭᠡᠮᠵᠢ ᠶᠢ ᠨᠡᠮᠡᠭᠳᠡᠭᠦᠯᠬᠦ᠂ ᠭᠦᠨ ᠦ ᠠᠭᠤᠷᠬᠠᠢ ᠶᠢᠨ ᠲᠥᠰᠥᠯ ᠢ ᠬᠡᠷᠡᠭᠵᠢᠭᠦᠯᠬᠦ ᠲᠣᠮᠣᠬᠠᠨ ᠠᠯᠬᠤᠮ ᠪᠣᠯᠤᠯ᠎ᠠ ᠃ Shaft 2 ᠢ ᠪᠠᠷᠢᠬᠤ ᠳᠤ 5000 ᠲᠣᠨ  ᠭᠠᠩ᠂ 300 ᠺᠢᠯᠣᠮᠧᠲ᠋ᠷ ᠴᠠᠬᠢᠯᠭᠠᠨ ᠤ ᠺᠠᠪᠧᠯ ᠠᠰᠢᠭᠯᠠᠭᠰᠠᠨ ᠂ ᠪᠦᠲᠦᠭᠡᠨ ᠪᠠᠶᠢᠭᠤᠯᠤᠯᠲᠠ ᠶᠢᠨ ᠠᠵᠢᠯ ᠳᠤ ᠮᠣᠩᠭᠣᠯ ᠢᠨᠵᠧᠨᠧᠷ᠂ ᠠᠵᠢᠯᠴᠢᠳ ᠭᠣᠣᠯᠯᠠᠬᠤ ᠡᠭᠦᠷᠭᠡ ᠲᠡᠢ ᠣᠷᠣᠯᠴᠠᠯ᠎ᠠ ᠬᠡᠮᠡᠨ ᠣᠨᠴᠠᠯᠠᠨ ᠳᠤᠷᠠᠳᠴᠠᠢ᠃

ᠰᠡᠳᠬᠢᠭᠳᠡᠯ ᠦᠯᠡᠳᠡᠭᠡᠬᠦ