ᠮᠣᠩᠭᠣᠯᠴᠤᠳ ᠠᠳᠤᠭᠤᠨ ᠤ ᠳᠡᠯ ᠰᠡᠭᠦᠯ ᠢ ᠠᠰᠢᠭᠯᠠᠨ ᠪᠢᠷ᠂ ᠰᠣᠷᠮᠤᠤᠰᠤ᠂ ᠬᠢᠮᠡᠯ ᠦᠰᠦᠨ ᠦ ᠪᠠᠯᠠᠳᠦᠴᠡ ᠬᠢᠳᠡᠭ ᠪᠣᠯᠤᠯ᠎ᠠ᠃ ᠮᠣᠩᠭᠣᠯ ᠠᠳᠤᠭᠤᠨ ᠤ ᠳᠡᠯ ᠰᠡᠭᠦᠯ᠂ ᠰᠠᠷᠯᠤᠭ ᠤᠨ ᠰᠠᠪᠠᠭ ᠨᠢ ᠳᠡᠯᠡᠬᠡᠢ ᠳᠦ ᠴᠢᠨᠠᠷ ᠢᠶᠠᠷ ᠢᠶᠠᠨ ᠳᠡᠭᠡᠭᠦᠷ ᠲᠦ ᠣᠷᠣᠳᠠᠭ ᠲᠡᠳᠦᠢ ᠦᠭᠡᠢ᠂ ᠨᠡᠶᠢᠲᠡ ᠳᠡᠯᠡᠬᠡᠢ ᠶᠢᠨ ᠵᠠᠬ᠎ᠠ ᠵᠡᠭᠡᠯᠢ ᠶᠢᠨ 40% ᠬᠤᠪᠢ ᠶᠢ ᠮᠣᠩᠭᠣᠯ ᠤᠨ ᠲᠦᠭᠦᠬᠡᠢ ᠡᠳ᠋ ᠡᠵᠡᠯᠡᠳᠡᠭ᠃ ᠲᠡᠭᠡᠪᠡᠯ᠂ ᠠᠳᠤᠭᠤᠨ ᠤ ᠳᠡᠯ ᠰᠡᠭᠦᠯ᠂ ᠰᠠᠷᠯᠤᠭ ᠤᠨ ᠰᠠᠪᠠᠭ᠂ ᠲᠡᠮᠡᠭᠡᠨ ᠦ ᠡᠷ᠎ᠡ ᠨᠣᠣᠰᠣ ᠶᠢ ᠪᠣᠯᠪᠠᠰᠤᠷᠠᠭᠤᠯᠤᠨ ᠡᠺᠰᠫᠣᠷᠲ ᠲᠤ ᠭᠠᠷᠭᠠᠬᠤ ᠦᠢᠯᠡᠳᠪᠦᠷᠢ ᠠᠰᠢᠭᠯᠠᠯᠲᠠ ᠳᠤ ᠣᠷᠣᠵᠠᠢ᠃
ᠤᠭ ᠦᠢᠯᠡᠳᠪᠦᠷᠢ ᠨᠢ ᠴᠢᠨᠠᠷ ᠰᠲ᠋ᠠᠨᠳᠠᠷᠲ ᠤᠨ ᠱᠠᠭᠠᠷᠳᠠᠯᠭ᠎ᠠ ᠬᠠᠩᠭᠠᠭᠰᠠᠨ ᠬᠠᠭᠠᠰ ᠪᠣᠯᠪᠠᠰᠤᠷᠠᠭᠤᠯᠤᠭᠰᠠᠨ ᠪᠦᠲᠦᠭᠡᠭᠳᠡᠬᠦᠨ ᠡᠺᠰᠫᠣᠷᠲ ᠲᠤ ᠭᠠᠷᠭᠠᠵᠤ ᠡᠬᠢᠯᠡᠵᠡᠢ᠃ ᠲᠤᠰ ᠦᠢᠯᠡᠳᠪᠦᠷᠢ ᠣᠳᠣ ᠪᠠᠷ 60 ᠣᠷᠴᠢᠮ ᠠᠵᠢᠯ ᠤᠨ ᠪᠠᠶᠢᠷᠢ ᠪᠤᠢ ᠪᠣᠯᠭᠠᠵᠤ᠂ ᠡᠳᠦᠷ ᠲᠦ ᠳᠤᠮᠳᠠᠴᠢ ᠪᠠᠷ 200 ᠺᠢᠯᠦᠭᠷᠡᠮ ᠪᠦᠲᠦᠭᠡᠭᠳᠡᠬᠦᠨ ᠦᠢᠯᠡᠳᠪᠦᠷᠢᠯᠡᠨ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠲᠤ ᠡᠺᠰᠫᠣᠷᠲᠯᠠᠵᠤ ᠪᠠᠶᠢᠨ᠎ᠠ᠃