ᠳᠣᠷᠣᠨᠠᠭᠣᠪᠢ ᠶᠢᠨ ᠵᠠᠯᠠᠭᠤᠰ ᠢ ᠡᠨᠡᠳᠬᠡᠭ ᠲᠦ ᠰᠤᠷᠭᠠᠨ᠎ᠠ  | News.MN

ᠳᠣᠷᠣᠨᠠᠭᠣᠪᠢ ᠶᠢᠨ ᠵᠠᠯᠠᠭᠤᠰ ᠢ ᠡᠨᠡᠳᠬᠡᠭ ᠲᠦ ᠰᠤᠷᠭᠠᠨ᠎ᠠ 

ᠭᠠᠵᠠᠷ ᠤᠨ ᠲᠣᠰᠣ ᠪᠣᠯᠪᠠᠰᠤᠷᠠᠭᠤᠯᠬᠤ ᠦᠢᠯᠡᠳᠪᠦᠷᠢ ᠳᠣᠷᠣᠨᠠᠭᠣᠪᠢ ᠠᠶᠢᠮᠠᠭ ᠲᠤ ᠪᠠᠷᠢᠭᠳᠠᠵᠤ ᠪᠤᠢ ᠲᠠᠢ ᠬᠣᠯᠪᠣᠭᠳᠠᠭᠤᠯᠤᠨ  ᠪᠦᠭᠦᠳᠡ ᠨᠠᠶᠢᠷᠠᠮᠳᠠᠬᠤ ᠡᠨᠡᠳᠬᠡᠭ ᠤᠯᠤᠰ ᠲᠤ ᠭᠠᠵᠠᠷ ᠤᠨ ᠲᠣᠰᠤᠨ ᠤ ᠴᠢᠭᠯᠡᠯ ᠢᠶᠡᠷ ᠣᠶᠤᠲᠠᠨ ᠵᠠᠯᠠᠭᠤᠰ ᠢ ᠰᠤᠷᠭᠠᠬᠤ ᠪᠠᠷ ᠪᠣᠯᠵᠠᠢ᠃ ᠡᠨᠡᠳᠬᠡᠭ ᠤᠨ ᠵᠠᠰᠠᠭ ᠤᠨ ᠭᠠᠵᠠᠷ ᠤᠨ ᠲᠡᠳᠬᠦᠯᠭᠡ ᠪᠡᠷ ᠭᠠᠵᠠᠷ ᠤᠨ ᠲᠣᠰᠤᠨ ᠤ ᠴᠢᠭᠯᠡᠯ ᠦᠨ ᠢᠨᠵᠧᠨᠧᠷ ᠢᠶᠡᠷ ᠰᠤᠷᠤᠯᠴᠠᠬᠤ ᠬᠦᠰᠡᠯ ᠲᠡᠢ 20-30 ᠬᠦᠷᠲᠡᠯᠡᠬᠢ ᠨᠠᠰᠤᠨ ᠤ ᠣᠶᠤᠲᠠᠨ ᠵᠠᠯᠠᠭᠤᠰ ᠢ

ᠳᠣᠷᠣᠨᠠᠭᠣᠪᠢ ᠠᠶᠢᠮᠠᠭ᠍ ᠤᠨ ᠨᠡᠶᠢᠭᠡᠮ ᠤᠨ ᠪᠣᠳᠣᠯᠭ᠎ᠠ ᠶᠢᠨ ᠬᠡᠯᠲᠡᠰ ᠲᠤ ᠪᠦᠷᠢᠳᠬᠡᠵᠦ ᠪᠠᠶᠢᠨ᠎ᠠ᠃
ᠰᠤᠷᠤᠯᠴᠠᠬᠤ ᠶᠢ ᠬᠦᠰᠡᠭᠴᠢᠳ ᠲᠦ ᠪᠦᠷᠢᠨ ᠳᠤᠮᠳᠠ ᠪᠣᠯᠪᠠᠰᠤᠷᠠᠯ ᠤᠨ ᠭᠡᠷᠡᠴᠢᠯᠡᠭᠡ᠂ ᠠᠩᠭᠯᠢ ᠬᠡᠯᠡᠨ ᠦ TOFEL᠂ TOEIC ᠣᠨᠣᠭ᠎ᠠ ᠲᠠᠢ ᠪᠠᠶᠢᠬᠤ᠂ ᠭᠠᠵᠠᠷ ᠤᠨ ᠲᠣᠰᠤᠨ ᠤ ᠴᠢᠭᠯᠡᠯ ᠢᠶᠡᠷ ᠰᠤᠷᠤᠯᠴᠠᠵᠤ ᠪᠠᠶᠢᠭ᠎ᠠ ᠪᠣᠯᠤᠨ ᠴᠢᠨᠠᠭᠰᠢᠳᠠ ᠰᠤᠷᠤᠯᠴᠠᠬᠤ ᠬᠦᠰᠡᠯ ᠡᠷᠡᠮᠡᠯᠵᠡᠯ ᠲᠡᠢ ᠪᠠᠶᠢᠬᠤ ᠱᠠᠭᠠᠷᠳᠠᠯᠭ᠎ᠠ ᠲᠠᠯᠪᠢᠵᠠᠢ᠃

ᠰᠡᠳᠬᠢᠭᠳᠡᠯ ᠦᠯᠡᠳᠡᠭᠡᠬᠦ