ᠲᠤᠯᠤᠭᠠᠨ ᠤ ᠰᠫᠣᠷᠲ ᠰᠣᠨᠢᠷᠬᠠᠭᠴᠢᠳ ᠢ ᠤᠳᠠᠳᠠᠯ᠎ᠠ ᠬᠦᠯᠢᠶᠡᠯᠭᠡᠭᠰᠡᠨ ᠲᠤᠯᠤᠭᠠᠨ ᠲᠤᠩ ᠤᠳᠠᠬᠤ ᠦᠭᠡᠢ ᠪᠣᠯᠬᠤ ᠨᠢ ᠡ᠃ ᠮᠡᠷᠭᠡᠵᠢᠯ ᠦᠨ ᠪᠣᠺᠰ ᠤᠨ IBO ᠬᠣᠯᠪᠣᠭᠠᠨ ᠤ ᠳᠡᠯᠡᠬᠡᠢ ᠶᠢᠨ ᠠᠪᠤᠷᠭᠤ᠂ ︽ᠯᠣᠨᠳᠣᠨ 2012︾ ᠣᠯᠢᠮᠫ ᠤᠨ ᠪᠣᠯᠤᠨ 2009 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠮᠥᠩᠭᠥᠨ ᠮᠸᠳᠠᠯᠲᠤ ᠨᠢᠮᠠᠪᠠᠶᠠᠷ ᠤᠨ ᠲᠡᠭᠦᠰᠴᠤᠭᠲᠤ ᠠᠮᠧᠷᠢᠺᠠ ᠶᠢᠨ ᠲᠠᠮᠢᠷᠴᠢᠨ ᠭᠠᠷᠢ ᠷᠠᠰᠰᠧᠯ ᠲᠠᠢ ᠲᠤᠯᠤᠯᠳᠤᠬᠤ ᠪᠠᠷ ᠪᠣᠯᠵᠠᠢ᠃ ᠭᠡᠬᠦ ᠳᠦ ᠪᠡᠨ ᠲᠤᠯᠤᠭᠠᠨ ᠤ ᠡᠳᠦᠷ ᠢ ᠬᠠᠷᠠᠬᠠᠨ ᠵᠠᠷᠯᠠᠭ᠎ᠠ ᠦᠭᠡᠢ ᠪᠠᠶᠢᠨ᠎ᠠ᠃
ᠮᠸᠺᠰᠢᠺᠦ ᠳᠦ ᠪᠦᠬᠦ ᠳᠡᠯᠡᠬᠡᠢ ᠶᠢᠨ ᠪᠣᠺᠰ ᠤᠨ ᠵᠥᠪᠯᠡᠯ ︵WBC︶ ᠤᠨ 57 ᠳ᠋ᠡᠬᠢ ᠺᠣᠩᠷᠧᠰ ᠢᠶᠠᠷ ᠬᠠᠭᠠᠰ ᠬᠥᠩᠭᠡᠨ ᠵᠢᠩ ᠦᠨ ᠠᠪᠤᠷᠭᠤ ᠭᠠᠷᠢ ᠷᠠᠰᠰᠧᠯ ᠢ King Tug ᠪᠤᠶᠤ ᠨ∙ᠲᠡᠭᠦᠰᠦᠴᠣᠭᠲᠤ ᠲᠠᠢ ᠵᠠᠪᠠᠯ ᠲᠤᠯᠤᠯᠳᠤᠬᠤ ᠶᠢ ᠡᠭᠦᠷᠭᠡ ᠪᠣᠯᠭᠠᠭᠰᠠᠨ ᠪᠥᠭᠡᠳ ᠭᠡᠷ᠎ᠡ ᠨᠢ ᠬᠦᠴᠦᠨ ᠲᠡᠭᠦᠯᠳᠡᠷ ᠪᠣᠯᠵᠠᠢ᠃ ᠲᠡᠳᠡ ᠲᠠᠪᠤᠳᠤᠭᠠᠷ ᠰᠠᠷ᠎ᠠ ᠳᠤ ᠲᠤᠯᠤᠯᠳᠤᠬᠤ ᠶᠣᠰᠣᠲᠠᠢ ᠪᠠᠶᠢᠭᠰᠠᠨ ᠴᠤ ᠷᠠᠰᠰᠧᠯ ᠵᠥᠪᠰᠢᠶᠡᠷᠡᠭᠡ ᠦᠭᠡᠢ ᠶᠤᠮ᠃