ᠪᠣᠭᠳᠠ ᠶᠢᠨ ᠮᠦᠽᠧᠢ ᠶᠢᠨ ᠳᠡᠷᠭᠡᠳᠡ ᠬᠥᠰᠢᠶ᠎ᠡ ᠰᠦᠨᠳᠡᠷᠯᠡᠨ᠎ᠡ  | News.MN

ᠪᠣᠭᠳᠠ ᠶᠢᠨ ᠮᠦᠽᠧᠢ ᠶᠢᠨ ᠳᠡᠷᠭᠡᠳᠡ ᠬᠥᠰᠢᠶ᠎ᠡ ᠰᠦᠨᠳᠡᠷᠯᠡᠨ᠎ᠡ 

ᠵᠠᠮ ᠲᠡᠭᠡᠭᠡᠪᠦᠷᠢ ᠶᠢᠨ ᠬᠥᠭᠵᠢᠯ ᠦᠨ ᠶᠠᠮᠤᠨ ᠤ ᠰᠠᠶᠢᠳ ᠪ∙ᠡᠩᠬᠡ-ᠠᠮᠤᠭᠤᠯᠠᠩ᠂ ᠨᠡᠶᠢᠰᠯᠡᠯ ᠦᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠣᠲᠠ ᠶᠢᠨ ᠵᠠᠬᠢᠷᠤᠭᠴᠢ ᠰ∙ᠠᠮᠤᠷᠰᠠᠶᠢᠬᠠᠨ ᠨᠠᠷ ᠥᠴᠥᠭᠡᠳᠦᠷ  ︵11.04︶ ᠪᠣᠭᠳᠠ ᠬᠠᠭᠠᠨ ᠤ ᠣᠷᠳᠣᠨ ᠮᠦᠽᠧᠢ ᠶᠢᠨ ᠳᠡᠷᠭᠡᠳᠡᠬᠢ ᠴᠡᠴᠡᠷᠯᠢᠭᠲᠦ ᠬᠦᠷᠢᠶᠡᠯᠡᠩ ᠦᠨ ᠪᠦᠲᠦᠭᠡᠨ ᠪᠠᠶᠢᠭᠤᠯᠤᠯᠲᠠ ᠶᠢᠨ ᠠᠵᠢᠯ ᠤᠨ ᠶᠠᠪᠤᠴᠠ ᠶᠢ ᠰᠢᠯᠭᠠᠵᠤ ᠠᠵᠢᠯᠯᠠᠯ᠎ᠠ᠃
ᠴᠡᠴᠡᠷᠯᠢᠭᠲᠦ ᠬᠦᠷᠢᠶᠡᠯᠡᠩ1.4 ᠭᠠ ᠲᠠᠯᠠᠪᠠᠢ ᠲᠠᠢ ᠪᠠᠶᠢᠭ᠎ᠠ ᠠᠴᠠ 5615 ᠺᠦᠸᠠᠳ᠋ ᠮᠧᠲ᠋ᠷ ᠶᠠᠪᠠᠭᠠᠨ ᠬᠦᠮᠦᠨ ᠦ ᠵᠠᠮ᠂ 6320 ᠺᠦᠸᠠᠳ᠋ ᠮᠧᠲ᠋ᠷ ᠵᠦᠯᠭᠡᠵᠢᠭᠦᠯᠦᠭᠰᠡᠨ ᠲᠠᠯᠠᠪᠠᠢ᠂ 144 ᠺᠦᠸᠠᠳ᠋ ᠮᠧᠲ᠋ᠷ ᠲᠠᠯᠠᠪᠠᠢ ᠳᠤ ᠴᠡᠴᠡᠭ ᠦᠨ ᠮᠠᠨᠳᠤᠯ ᠪᠠᠶᠢᠭᠤᠯᠬᠤ ᠶᠤᠮ᠃ ᠡᠨᠳᠡ ᠨᠠᠢᠮᠠᠳᠤᠭᠠᠷ ᠪᠣᠭᠳᠠ ᠵᠢᠪᠽᠤᠨᠳᠠᠮᠪᠠ ᠶᠢᠨ ᠬᠥᠰᠢᠶ᠎ᠡ᠂  ︽ᠮᠥᠩᠬᠡ ᠲᠩᠷᠢ ᠶᠢᠨ ᠬᠦᠴᠦᠨ ᠳᠣᠣᠷ᠎ᠠ︾ ᠪᠠᠷᠢᠮᠠᠯ᠂ ︽ᠴᠠᠭᠠᠨ ᠱᠣᠩᠬᠣᠷ︾ ᠬᠡᠮᠡᠬᠦ ᠡᠷᠲᠡᠨ ᠦ ᠮᠣᠩᠭᠣᠯ ᠤᠨ ᠰᠦᠯᠳᠡ ᠪᠠᠷᠢᠮᠠᠯ᠂ ᠲᠡᠦᠬᠡᠨ ᠣᠯᠳᠠᠪᠤᠷᠢ ᠨᠤᠭᠤᠳ ᠤᠨ ᠳᠡᠭᠡᠵᠢᠰ ᠡᠴᠡ ᠪᠦᠷᠢᠳᠦᠭᠰᠡᠨ ᠨᠡᠶᠢᠲᠡ 13 ᠪᠠᠷᠢᠮᠠᠯ ᠰᠦᠨᠳᠡᠷᠯᠡᠬᠦ ᠶᠤᠮ ᠪᠠᠶᠢᠨ᠎ᠠ᠃ ᠬᠣᠲᠠ ᠶᠢᠨ ᠵᠠᠬᠢᠷᠤᠭᠴᠢ ᠰ∙ᠠᠮᠤᠷᠰᠠᠶᠢᠬᠠᠨ᠄ ᠴᠡᠴᠡᠷᠯᠢᠭᠲᠦ ᠬᠦᠷᠢᠶᠡᠯᠡᠩ ᠦᠨ ᠲᠣᠬᠢᠵᠢᠯᠲᠠ ᠶᠢᠨ ᠠᠵᠢᠯ ᠳᠤ ᠱᠠᠭᠠᠷᠳᠠᠯᠭ᠎ᠠ ᠲᠠᠢ ᠪᠦᠬᠦ ᠠᠰᠠᠭᠤᠳᠠᠯ ᠢ ᠰᠢᠢᠳᠪᠦᠷᠢᠯᠡᠭᠰᠡᠨ᠃ ᠡᠨᠡ ᠣᠨ ᠳᠤ ᠪᠣᠭᠳᠠ ᠬᠠᠭᠠᠨ ᠤ ᠮᠡᠨᠳᠦᠯᠡᠭᠰᠡᠨ ᠦ 150 ᠵᠢᠯ ᠦᠨ ᠣᠢ ᠲᠣᠬᠢᠶᠠᠵᠤ ᠪᠠᠶᠢᠨ᠎ᠠ᠃ ᠲᠡᠶᠢᠮᠦ ᠡᠴᠡ ᠡᠨᠡ ᠵᠢᠯ ᠳᠦ ᠪᠡᠨ ᠪᠠᠭᠲᠠᠭᠠᠨ ᠴᠡᠴᠡᠷᠯᠢᠭᠲᠦ ᠬᠦᠷᠢᠶᠡᠯᠡᠩ ᠢ ᠠᠰᠢᠭᠯᠠᠯᠲᠠ ᠳᠤ ᠤᠷᠤᠭᠤᠯᠬᠤ ᠱᠠᠭᠠᠷᠳᠠᠯᠭ᠎ᠠ ᠲᠠᠢ ᠭᠡᠯ᠎ᠡ᠃

ᠰᠡᠳᠬᠢᠭᠳᠡᠯ ᠦᠯᠡᠳᠡᠭᠡᠬᠦ